Хаах

ᠪᠣᠯᠪᠠᠰᠤᠷᠠᠯ ᠤ᠋ᠨ ᠰᠠᠯᠪᠤᠷᠢ ᠳ᠋ᠤ ᠑᠙᠐ ᠲᠥᠰᠦᠯ ᠠᠷᠭ᠎ᠠ ᢈᠡᠮᠵᠢᠶ᠎ᠡ ᠶ᠋ᠢ ᠔᠗᠒᠂᠗ ᠲᠡᠷᠪᠤᠮ ᠲᠥᢉᠦᠷᠢᢉ ᠢ᠋ᠶᠡᠷ ᠰᠠᠩᢈᠦᠵᠢᢉᠦᠯᠦᠨ᠎ᠡ

A- A A+
ᠪᠣᠯᠪᠠᠰᠤᠷᠠᠯ ᠤ᠋ᠨ ᠰᠠᠯᠪᠤᠷᠢ ᠳ᠋ᠤ ᠑᠙᠐ ᠲᠥᠰᠦᠯ ᠠᠷᠭ᠎ᠠ ᢈᠡᠮᠵᠢᠶ᠎ᠡ ᠶ᠋ᠢ ᠔᠗᠒᠂᠗ ᠲᠡᠷᠪᠤᠮ ᠲᠥᢉᠦᠷᠢᢉ ᠢ᠋ᠶᠡᠷ ᠰᠠᠩᢈᠦᠵᠢᢉᠦᠯᠦᠨ᠎ᠡ

ᠮᠣᠩᠭᠣᠯ ᠤᠯᠤᠰ ᠤ᠋ᠨ ᠒᠐᠒᠕ ᠣᠨ ᠤ᠋ ᠲᠥᠰᠦᠪ ᠦ᠋ᠨ ᠲᠤᠬᠠᠢ ᠬᠠᠤᠯᠢ ᠳ᠋ᠤ ᠣᠷᠤᠭᠰᠠᠨ ᠨᠡᠮᠡᠯᠲᠡ ᠥᢉᠡᠷᠡᠴᠢᠯᠡᠯᠲᠡ ᠪᠡᠷ ᠪᠣᠯᠪᠠᠰᠤᠷᠠᠯ ᠤ᠋ᠨ ᠰᠠᠯᠪᠤᠷᠢ ᠳ᠋ᠤ ᠑.᠓᠓᠐.᠖ ᠲᠡᠷᠪᠤᠮ ᠲᠥᢉᠦᠷᠢᢉ ᠦ᠋ᠨ ᠲᠥᠰᠦᠪ ᠲᠦ ᠥᠷᠲᠡᢉ ᠪᠦᢈᠦᠢ ᠑᠙᠐ ᠲᠥᠰᠦᠯ ᠠᠷᠭ᠎ᠠ ᢈᠡᠮᠵᠢᠶ᠎ᠡ ᠶ᠋ᠢ ᠔᠗᠒.᠗ ᠲᠡᠷᠪᠤᠮ ᠲᠥᢉᠦᠷᠢᢉ ᠢ᠋ᠶᠡᠷ ᠰᠠᠩᢈᠦᠵᠢᢉᠦᠯᢈᠦ ᠪᠡᠷ ᠪᠠᠲᠤᠯᠠᠭᠳᠠᠪᠠ᠃ ᠲᠥᠰᠦᠪ ᠦ᠋ᠨ ᠤᠷᠤᠰᠬᠠᠯ ᠵᠠᠷᠤᠳᠠᠯ ᠢ᠋ ᠪᠠᠭᠤᠷᠠᠭᠤᠯᠤᠭᠰᠠᠨ ᠡᢈᠡ ᠡᢉᠦᠰᠪᠦᠷᠢ ᠪᠡᠷ ᠰᠤᠷᠭᠠᠭᠤᠯᠢ᠂ ᠴᠡᠴᠡᠷᠯᠢᢉ᠂ ᠳᠣᠲᠤᠭᠤᠷ ᠪᠠᠶᠢᠷᠢᠨ ᠤ᠋ ᢈᠡᠦᢈᠡᠳ ᠦ᠋ᠨ ᠬᠣᠭᠤᠯᠠᠨ ᠤ᠋ ᠵᠠᠷᠤᠳᠠᠯ ᠳ᠋ᠤ ᠓᠑.᠔ ᠲᠡᠷᠪᠤᠮ ᠲᠥᢉᠦᠷᠢᢉ᠂ ᠴᠡᠴᠡᠷᠯᠢᢉ ᠪᠣᠯᠤᠨ ᠭᠤᠷᠪᠠᠨ ᠡᢉᠡᠯᠵᠢ ᠪᠡᠷ ᢈᠢᠴᠢᠶᠡᠯᠯᠡᠵᠦ ᠪᠠᠶᠢᠭ᠎ᠠ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠪᠠᠶᠢᠷᠢᠨ ᠤ᠋ ᠲᠦᠷᠢᠶᠡᠰᠦ ᠶ᠋ᠢᠨ ᠵᠠᠷᠤᠳᠠᠯ ᠳ᠋ᠤ ᠑᠐ ᠲᠡᠷᠪᠤᠮ ᠲᠥᢉᠦᠷᠢᢉ ᠢ᠋ ᠵᠠᠷᠤᠴᠠᠭᠤᠯᠬᠤ ᠪᠠᠷ ᠨᠡᠮᠡᠵᠦ ᠲᠤᠰᠬᠠᠯ᠎ᠠ᠃

ᠢᠷᠡᢈᠦ ᠣᠨ ᠳ᠋ᠤ ᠤᠯᠤᠰ ᠤ᠋ᠨ ᠲᠥᠰᠦᠪ ᠦ᠋ᠨ ᢈᠥᠷᠦᠩᢉᠡ ᠣᠷᠤᠭᠤᠯᠤᠯᠲᠠ ᠪᠠᠷ:

  • ᠰᠤᠷᠭᠠᠭᠤᠯᠢ ᠆ ᠗᠙ /᠓᠙᠂᠖᠗᠐ ᢈᠡᠦᢈᠡᠳ ᠦ᠋ᠨ ᠰᠠᠭᠤᠳᠠᠯ/
  • ᠴᠡᠴᠡᠷᠯᠢᢉ ᠆ ᠖᠐ /᠙᠔᠓᠕ ᢈᠡᠦᢈᠡᠳ ᠦ᠋ᠨ ᠣᠷᠤ/
  • ᠴᠣᠭᠴᠠᠯᠠᠪᠤᠷᠢ ᠖ /᠑᠖᠘᠐ ᢈᠡᠦᢈᠡᠳ ᠦ᠋ᠨ ᢈᠦᠴᠦᠨ ᠴᠢᠳᠠᠯ/
  • ᠳᠣᠲᠤᠭᠤᠷ ᠪᠠᠶᠢᠷᠢ ᠆ ᠑᠖
  • ᠰᠫᠤᠷᠲ ᠽᠠᠯ ᠓ ᠙
  • ᠶᠡᢈᠡ᠂ ᠳᠡᢉᠡᠳᠦ ᠰᠤᠷᠭᠠᠭᠤᠯᠢ ᠶ᠋ᠢᠨ ᠪᠠᠷᠢᠯᠭ᠎ᠠ ᠓ ᠓
  • ᠮᠡᠷᢉᠡᠵᠢᠯ ᠦ᠋ᠨ ᠪᠣᠯᠤᠨ ᠲᠧᢈᠨᠢᢉ ᠦ᠋ᠨ ᠪᠣᠯᠪᠠᠰᠤᠷᠠᠯ ᠤ᠋ᠨ ᠪᠠᠶᠢᠭᠤᠯᠤᠯᠭ᠎ᠠ ᠓ ᠔
  • ᠪᠤᠰᠤᠳ – ᠔ ᠪᠠᠷᠢᠯᠭ᠎ᠠ ᠪᠠᠶᠢᠭᠤᠯᠤᠮᠵᠢ ᠶ᠋ᠢ ᠠᠰᠢᠭᠯᠠᠯᠲᠠ ᠳ᠋ᠤ ᠣᠷᠤᠭᠤᠯᠬᠤ ᠪᠠᠷ ᠲᠥᠰᠦᠪᠯᠡᢉᠡᠳ ᠪᠠᠶᠢᠨ᠎ᠠ᠃

ᠲᠡᢉᠦᠨᠴᠢᠯᠡᠨ:

  • ᠳᠣᠲᠤᠭᠤᠷ ᠪᠠᠶᠢᠷᠢᠨ ᠤ᠋ ᢈᠡᠦᢈᠡᠳ ᠦ᠋ᠨ ᠬᠣᠭᠤᠯᠠᠨ ᠤ᠋ ᠵᠠᠷᠤᠳᠠᠯ ᠠᠬᠠᠯᠠᠬᠤ ᠠᠩᢉᠢ ᠳ᠋ᠤ ᠔᠓᠐᠐ ᠪᠠᠶᠢᠭᠰᠠᠨ ᠢ᠋ ᠖᠕᠐᠐ ᠲᠥᢉᠦᠷᠢᢉ᠂ ᠳᠤᠮᠳᠠ ᠪᠣᠯᠤᠨ ᠪᠠᠭ᠎ᠠ ᠠᠩᢉᠢ ᠳ᠋ᠤ ᠔᠐᠐᠐ ᠪᠠᠶᠢᠭᠰᠠᠨ ᠢ᠋ ᠖᠐᠐᠐ ᠲᠥᢉᠦᠷᠢᢉ ᠪᠣᠯᠭᠠᠨ ᠨᠡᠮᠡᢉᠳᠡᢉᠦᠯᢈᠦ ᠲᠥᠰᠦᠪ ᠢ᠋ ᠪᠠᠲᠤᠯᠠᠭᠤᠯᠪᠠ᠃
  • ᠦᠳᠡ ᠶ᠋ᠢᠨ ᠬᠣᠭᠤᠯᠠᠨ ᠤ᠋ ᠬᠤᠪᠢ ᠳ᠋ᠤ ᠨᠢᢉᠡ ᢈᠡᠦᢈᠡᠳ ᠦ᠋ᠨ ᠬᠣᠭᠤᠯᠠᠨ ᠤ᠋ ᠲᠡᢉᠦᢈᠡᠢ ᠡᠳ᠋ ᠮᠠᠲ᠋ᠧᠷᠢᠠᠯ ᠤ᠋ᠨ ᠵᠠᠷᠤᠳᠠᠯ ᠑᠕᠐᠐ ᠲᠥᢉᠦᠷᠢᢉ ᠪᠠᠶᠢᠭᠰᠠᠨ ᠢ᠋ ᠒᠔᠐᠐ ᠲᠥᢉᠦᠷᠢᢉ ᠪᠣᠯᠭᠠᠵᠤ ᠨᠡᠮᠡᢉᠳᠡᢉᠦᠯᢈᠦ ᠪᠡᠷ ᠲᠥᠰᠦᠪᠯᠡᠯ ᠡ᠋᠃ ᠮᠥᠨ ᠢᠷᠡᢈᠦ ᠣᠨ ᠳ᠋ᠤ ᠬᠣᠭᠤᠯᠠᠨ ᠤ᠋ ᠲᠡᢉᠦᢈᠡᠢ ᠡᠳ᠋ ᠮᠠᠲ᠋ᠧᠷᠢᠠᠯ ᠤ᠋ᠨ ᠬᠠᠩᠭᠠᠨ ᠨᠡᠶᠢᠯᠡᢉᠦᠯᠦᠯᠲᠡ ᠶ᠋ᠢᠨ ᠲᠣᠭᠲᠠᠯᠴᠠᠭ᠎ᠠ ᠶ᠋ᠢ ᠪᠣᠯᠪᠠᠰᠤᠷᠠᠩᠭᠤᠢ ᠪᠣᠯᠭᠠᠬᠤ᠂ ᠴᠢᠨᠠᠭᠰᠢᠯᠠᠭᠠᠳ ᢈᠦᠨᠡᠰᠦᠨ ᠦ᠋ ᠬᠤᠪᠢᠰᠬᠠᠯ ᠪᠣᠯᠤᠨ ᠰᠢᠨ᠎ᠡ ᠬᠣᠷᠰᠢᠶ᠎ᠠ ᢈᠥᠳᠡᠯᢉᠡᢉᠡᠨ ᠦ᠋ ᢈᠦᠷᠢᠶᠡᠨ ᠳ᠋ᠦ ᠮᠠᠯᠴᠢᠳ ᠤ᠋ᠨ ᠭᠠᠷ ᠠ᠋ᠴᠠ ᠴᠢᠨᠠᠷ ᠤ᠋ᠨ ᠱᠠᠭᠠᠷᠳᠠᠯᠭ᠎ᠠ ᠬᠠᠩᠭᠠᠭᠰᠠᠨ ᠲᠡᢉᠦᢈᠡᠢ ᠡᠳ᠋ ᠢ᠋ ᠬᠤᠳᠠᠯᠳᠤᠨ ᠠᠪᠬᠤ ᠲᠣᠭᠲᠠᠯᠴᠠᠭ᠎ᠠ ᠶ᠋ᠢ ᠪᠤᠢ ᠪᠣᠯᠭᠠᠬᠤ ᠪᠠᠷ ᠲᠥᠯᠦᠪᠯᠡᠵᠦ ᠪᠠᠶᠢᠨ᠎ᠠ᠃
  • ᠪᠣᠯᠪᠠᠰᠤᠷᠠᠯ ᠤ᠋ᠨ ᠵᠢᢉᠡᠯᠡ ᠶ᠋ᠢᠨ ᠰᠠᠩ ᠤ᠋ᠨ ᠪᠠᠲᠤᠯᠠᠭᠳᠠᠭᠰᠠᠨ ᠲᠥᠰᠦᠪ ᠲᠦ ᠪᠠᠭᠲᠠᠭᠠᠨ ᢈᠢᠨᠠᠯᠲᠠ ᠶ᠋ᠢᠨ ᠲᠣᠭ᠎ᠠ ᠶ᠋ᠢ ᠨᠠᠷᠢᠨ ᠲᠣᠭᠠᠴᠠᠵᠤ ᠲᠣᠭᠲᠠᠭᠠᠬᠤ᠂ ᠵᠢᢉᠡᠯᠡ ᠶ᠋ᠢᠨ ᠡᠷᢉᠢᠨ ᠲᠥᠯᠦᠯᠲᠡ ᠡᠴᠡ ᠰᠠᠩᢈᠦᠵᠢᢈᠦ ᠡᢈᠡ ᠡᢉᠦᠰᠪᠦᠷᠢ ᠶ᠋ᠢ ᠓᠐.᠐ ᠲᠡᠷᠪᠤᠮ ᠲᠥᢉᠦᠷᠢᢉ ᠢ᠋ᠶᠡᠷ ᠨᠡᠮᠡᢉᠳᠡᢉᠦᠯᢈᠦ ᠪᠣᠯᠤᠯ ᠠ᠋᠃
  • ᠶᠡᠷᠦᠩᢈᠡᠶᠢᠯᠡᢉᠴᠢ ᠶ᠋ᠢᠨ ᠬᠣᠷᠢᠭ᠂ ᠲᠥᠰᠦᠪ ᠦ᠋ᠨ ᠠᠯᠳᠠᠭᠳᠠᠯ ᠢ᠋ ᠪᠠᠭᠤᠷᠠᠭᠤᠯᠬᠤ ᠲᠥᠰᠦᠪ ᠦ᠋ᠨ ᠲᠣᠳᠤᠳᠬᠠᠯ ᠲᠠᠢ ᠬᠣᠯᠪᠤᠭ᠎ᠠ ᠲᠠᠢ ᠪᠠᠷ ᠠᠩᠬ᠎ᠠ ᠪᠠᠲᠤᠯᠠᠭᠳᠠᠭᠰᠠᠨ ᠳ᠋ᠦᠩ ᠡᠴᠡ ᠪᠠᠭᠰᠢ᠂ ᠠᠵᠢᠯᠴᠢᠳ ᠤ᠋ᠨ ᠴᠠᠯᠢᠩ ᠪᠣᠯᠤᠨ ᠨᠡᠶᠢᢉᠡᠮ ᠦ᠋ᠨ ᠪᠠᠲᠤᠯᠠᠭ᠎ᠠ ᠶ᠋ᠢ ᠬᠠᠩᠭᠠᠬᠤ ᠲᠠᠢ ᠬᠣᠯᠪᠤᠭ᠎ᠠ ᠲᠠᠢ ᠵᠠᠷᠤᠳᠠᠯ ᠤ᠋ᠳ ᠪᠠᠭᠤᠷᠠᠭ᠎ᠠ ᠦᢉᠡᠢ᠃

ᠰᠠᠯᠪᠤᠷᠢ ᠶ᠋ᠢᠨ ᢈᠡᠮᠵᠢᠶᠡᠨ ᠳ᠋ᠦ ᠒᠐᠒᠕ ᠣᠨ ᠤ᠋ ᠪᠠᠲᠤᠯᠠᠭᠳᠠᠭᠰᠠᠨ ᠲᠥᠰᠦᠪ ᠠᠩᠬ᠎ᠠ ᠥᠷᢉᠡᠨ ᠪᠠᠷᠢᠭᠰᠠᠨ ᠲᠥᠰᠦᠪ ᠡᠴᠡ ᠓.᠖ ᠬᠤᠪᠢ ᠪᠠᠷ ᠪᠠᠭᠤᠷᠠᠵᠤ ᠪᠠᠶᠢᠭ᠎ᠠ ᠲᠠᠢ ᠬᠣᠯᠪᠤᠭ᠋ ᠠ᠋ ᠲᠠᠢ ᠪᠠᠷ ᠪᠠᠭᠰᠢ ᠶ᠋ᠢᠨ ᢉᠦᠢᠴᠡᠳᢈᠡᠯ ᠦ᠋ᠨ ᠦᠨᠡᠯᠡᢉᠡ᠂ ᠬᠤᠪᠢ ᢈᠦᠮᠦᠨ ᠳ᠋ᠦ ᠴᠢᢉᠯᠡᢉᠰᠡᠨ ᠵᠠᠷᠤᠳᠠᠯ ᠤ᠋ᠳ ᠪᠣᠯᠤᠨ ᠪᠣᠯᠪᠠᠰᠤᠷᠠᠯ ᠤ᠋ᠨ ᠰᠠᠯᠪᠤᠷᠢ ᠶ᠋ᠢᠨ ᠴᠢᠨᠠᠷ ᠢ᠋ ᠰᠠᠶᠢᠵᠢᠷᠠᠭᠤᠯᠬᠤ ᠵᠣᠷᠢᠯᠭ᠎ᠠ ᠪᠠᠷ ᢈᠡᠷᠡᢉᠵᠢᢉᠦᠯᢈᠦ ᠠᠷᠭ᠎ᠠ ᢈᠡᠮᠵᠢᠶᠡᠨ ᠦ᠋ ᠵᠠᠷᠢᠮ ᠵᠠᠷᠤᠳᠠᠯ ᠢ᠋ ᠲᠥᠰᠦᠪ ᠦ᠋ᠨ ᠶᠡᠷᠦᠩᢈᠡᠶᠢᠯᠡᠨ ᠵᠠᢈᠢᠷᠤᠭᠴᠢ ᠶ᠋ᠢᠨ ᠪᠠᠲᠤᠯᠠᠭᠳᠠᠭᠰᠠᠨ ᠲᠥᠰᠦᠪ ᠦ᠋ᠨ ᢈᠦᠷᠢᠶᠡᠨ ᠳ᠋ᠦ ᠤᠶᠠᠨ ᠬᠠᠲᠠᠨ ᠵᠣᢈᠢᠴᠠᠭᠤᠯᠤᠯᠲᠠ ᠬᠢᠨ ᠰᠢᠶᠳᠪᠦᠷᠢᠯᠡᢈᠦ ᠪᠣᠯᠤᠮᠵᠢ ᠲᠠᠢ᠃