ᠪᠣᠯᠪᠠᠰᠤᠷᠠᠯ ᠤ᠋ᠨ ᠰᠤᠳᠤᠯᠭᠠᠨ ᠤ᠋ ᠦᠨᠳᠦᠰᠦᠨ ᠦ᠋ ᢈᠦᠷᠢᠶᠡᠯᠡᠩ ᠡᠴᠡ ᠪᠣᠯᠪᠠᠰᠤᠷᠠᠯ ᠤ᠋ᠨ ᠶᠠᠮᠤᠨ᠂ ᠨᠢ᠂ ᠦ᠂ ᠪᠠ᠂ ᠤ᠋ᠨ ᢈᠡᠦᢈᠡᠳ ᠦ᠋ᠨ ᠰᠠᠩ ᠤ᠋ᠨ ᠳᠡᠮᠵᠢᠯᢉᠡ ᠲᠡᠢ ᠪᠡᠷ «ᠮᠣᠩᠭᠣᠯ ᢈᠡᠯᠡ᠂ ᠮᠠᠲ᠋ᠧᠮᠠᠲ᠋ᠢᠭ ᠤ᠋ᠨ ᠰᠤᠷᠭᠠᠯᠲᠠ ᠶ᠋ᠢᠨ ᠵᠢᠱᠢᢉ ᢈᠥᠲᠦᠯᠪᠦᠷᠢ ᠶ᠋ᠢ ᠶᠠᠪᠤᠭᠤᠯ ᠤ᠋ᠨ ᠪᠠᠭᠰᠢ ᠶ᠋ᠢᠨ ᠦᠶᠢᠯᠡᠴᠢᠯᠡᢉᠡ ᠪᠡᠷ ᢈᠡᠷᠡᢉᠵᠢᢉᠦᠯᢈᠦ ᠰᠤᠷᠭᠠᠯᠲᠠ ᠶ᠋ᠢᠨ ᠠᠷᠭᠠ ᠵᠦᠢ» ᠰᠡᠳᠦᠪᠲᠦ ᠰᠤᠷᠭᠠᠯᠲᠠ ᠶ᠋ᠢ ᠵᠣᢈᠢᠶᠠᠨ ᠪᠠᠶᠢᠭᠤᠯᠤᠯᠠ᠃ ᠰᠤᠷᠭᠠᠯᠲᠠ ᠳ᠋ᠤ ᠭᠣᠪᠢᠰᠦ᠋ᠮᠪᠦᠷ᠂ ᠳᠣᠷᠤᠨᠠᠭᠣᠪᠢ᠂ ᠳᠤᠮᠳᠠᠭᠣᠪᠢ᠂ ᠵᠠᠪᠬᠠᠨ᠂ ᠡᠮᠦᠨᠡᠭᠣᠪᠢ᠂ ᢈᠡᠨᠲᠡᠢ ᠠᠶᠢᠮᠠᠭ ᠤ᠋ᠨ ᠨᠠᠰᠤᠨ ᠲᠤᠷᠰᠢ ᠶ᠋ᠢᠨ ᠰᠤᠷᠤᠯᠴᠠᠬᠤᠢ ᠶ᠋ᠢᠨ ᠲᠥᠪ᠂ ᠢᠯᠭᠠᠭ᠋ ᠠ᠋ ᠲᠠᠢ ᢈᠡᠷᠡᢉᠴᠡᢉᠡᠲᠡᠢ ᢈᠡᠦᢈᠡᠳ ᠢ᠋ ᠳᠡᠮᠵᠢᢈᠦ ᠲᠥᠪ᠂ ᠨᠡᠶᠢᠰᠯᠡᠯ ᠦ᠋ᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠨᠤᠭᠤᠳ ᠤ᠋ᠨ ᠔᠐ ᠭᠠᠷᠤᠢ ᠪᠠᠭᠰᠢ ᠶ᠋ᠢ ᠬᠠᠮᠤᠷᠤᠭᠤᠯᠪᠠ᠃
ᠰᠤᠷᠭᠠᠯᠲᠠ ᠳ᠋ᠤ ᠬᠠᠮᠤᠷᠤᠭᠳᠠᠭᠰᠠᠨ ᠪᠠᠭᠰᠢ ᠨᠠᠷ ᠢᠯᠭᠠᠭᠠ ᠲᠠᠢ ᢈᠡᠷᠡᢉᠴᠡᢉᠡ ᠲᠡᠢ ᢈᠡᠦᢈᠡᠳ ᠦ᠋ᠨ ᢈᠥᢉᠵᠢᢈᠦ᠂ ᠰᠤᠷᠬᠤ ᠣᠨᠴᠠᠯᠢᠭ᠂ ᠭᠠᠭᠴᠠᠭᠠᠷᠴᠢᠯᠠᠭᠰᠠᠨ ᠰᠤᠷᠭᠠᠯᠲᠠ ᠶ᠋ᠢᠨ ᠲᠥᠯᠦᠪᠯᠡᢉᠡ ᠪᠣᠯᠪᠠᠰᠤᠷᠠᠭᠤᠯᠬᠤ ᠠᠷᠭᠠ ᠵᠦᠢ᠂ ᠰᠤᠷᠤᠯᠴᠠᠬᠤᠢ ᠶ᠋ᠢᠨ ᠪᠡᠷᢈᠡᠰᠢᠶᠡᠯ ᠪᠤᠶᠤ ᠤᠩᠰᠢᠬᠤ᠂ ᠪᠢᠴᠢᢈᠦ ᠶ᠋ᠢᠨ ᠪᠡᠷᢈᠡᠰᠢᠶᠡᠯ ᠲᠡᠢ ᢈᠡᠦᢈᠡᠳ ᠲᠡᠢ ᠠᠵᠢᠯᠯᠠᠬᠤ ᠠᠷᠭᠠ ᠵᠦᠢ᠂ ᠮᠠᠲ᠋ᠧᠮᠠᠲ᠋ᠢᠭ ᠤ᠋ᠨ ᠰᠤᠷᠭᠠᠯᠲᠠ ᠶ᠋ᠢᠨ ᢈᠥᠲᠦᠯᠪᠦᠷᠢ ᠶ᠋ᠢ ᢈᠡᠷᠡᢉᠵᠢᢉᠦᠯᢈᠦ ᠳ᠋ᠦ “Eduten” ᠫᠯᠠᠲ᠋ᠹᠣᠷᠮ ᠢ᠋ ᠠᠰᠢᠭᠯᠠᠬᠤ ᠲᠠᠯ ᠠ᠋ ᠪᠠᠷ ᠣᠨᠤᠯ ᠪᠣᠯᠤᠨ ᠫᠷᠠᠻᠲ᠋ᠢᠻ ᠠᠷᠭᠠ ᠵᠦᠢ ᠳ᠋ᠦ ᠰᠤᠷᠤᠯᠴᠠᠭᠰᠠᠨ ᠶᠤᠮ᠃
ᠪᠣᠯᠪᠠᠰᠤᠷᠠᠯ ᠤ᠋ᠨ ᠶᠠᠮᠤᠨ᠂ ᠪᠣᠯᠪᠠᠰᠤᠷᠠᠯ ᠤ᠋ᠨ ᠰᠤᠳᠤᠯᠭᠠᠨ ᠤ᠋ ᠦᠨᠳᠦᠰᠦᠨ ᠦ᠋ ᢈᠦᠷᠢᠶᠡᠯᠡᠩ᠂ «ᠪᠣᠯᠪᠠᠰᠤᠷᠠᠯ ᠤ᠋ᠨ ᠲᠥᠯᠦᢉᠡᢈᠦ ᠳᠡᠯᠡᢈᠡᠢ ᠨᠡᠶᠢᠲᠡ ᠶ᠋ᠢᠨ ᠲᠦᠩᠰᠢᠯᠡᠯ» /GPE/ ᠨᠢ ᠡᠨᠡ ᠣᠨ ᠳ᠋ᠤ ᠬᠠᠮᠲᠤ ᠶ᠋ᠢᠨ ᠠᠵᠢᠯᠯᠠᠭᠠᠨ ᠤ᠋ ᢈᠦᠷᠢᠶᠡᠨ ᠳ᠋ᠦ ᠨᠡᠶᠢᠰᠯᠡᠯ᠂ ᠣᠷᠤᠨ ᠨᠤᠲᠤᠭ ᠤ᠋ᠨ ᠳᠤᠮᠳᠠ ᠠᠩᠭᠢ ᠶ᠋ᠢᠨ ᠒᠕᠐᠐ ᠪᠠᠭᠰᠢ ᠶ᠋ᠢ «ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠰᠤᠷᠭᠠᠯᠲᠠ ᠶ᠋ᠢᠨ ᢈᠥᠲᠦᠯᠪᠦᠷᠢ ᠳ᠋ᠦ ᠲᠣᢈᠢᠷᠠᠭᠤᠯᠭᠠ ᢈᠢᢈᠦ ᠠᠷᠭᠠ ᠵᠦᠢ» ᠰᠤᠷᠭᠠᠯᠲᠠ ᠳ᠋ᠤ ᠬᠠᠮᠤᠷᠤᠭᠤᠯᠤᠭᠰᠠᠨ ᠪᠥᢉᠡᠳ ᠡᠨᠡ ᢈᠦ ᠰᠤᠷᠭᠠᠯᠲᠠ ᠨᠢ ᠢᠯᠭᠠᠭᠠ ᠲᠠᠢ ᢈᠡᠷᠡᢉᠴᠡᢉᠡ ᠲᠡᠢ ᢈᠡᠦᢈᠡᠳ ᠲᠡᠢ ᠠᠵᠢᠯᠯᠠᠬᠤ ᠠᠷᠭᠠ ᠵᠦᠢ ᠳ᠋ᠦ ᠪᠠᠭᠰᠢ ᠨᠠᠷ ᠢ᠋ ᠴᠢᠳᠠᠪᢈᠢᠵᠢᠭᠤᠯᠬᠤ ᠰᠤᠷᠭᠠᠯᠲᠠ ᠶ᠋ᠢᠨ ᠦᠷᢉᠦᠯᠵᠢᠯᠡᠯ ᠪᠣᠯᠵᠤ ᠪᠠᠶᠢᠨᠠ᠃