Хаах

ᠪᠣᠯᠪᠠᠰᠤᠷᠠᠯ ᠤ᠋ᠨ ᠰᠠᠶᠢᠳ ᠤ᠋ᠨ ᠰᠢᠭᠤᠷᠬᠠᠢ ᠬᠤᠷᠠᠯᠳᠤᠭᠠᠨ ᠪᠣᠯᠤᠯ᠎ᠠ

A- A A+
ᠪᠣᠯᠪᠠᠰᠤᠷᠠᠯ ᠤ᠋ᠨ ᠰᠠᠶᠢᠳ ᠤ᠋ᠨ ᠰᠢᠭᠤᠷᠬᠠᠢ ᠬᠤᠷᠠᠯᠳᠤᠭᠠᠨ ᠪᠣᠯᠤᠯ᠎ᠠ

ᠪᠣᠯᠪᠠᠰᠤᠷᠠᠯ ᠤ᠋ᠨ ᠰᠠᠶᠢᠳ ᠤ᠋ᠨ ᠰᠢᠭᠤᠷᠬᠠᠢ ᠬᠤᠷᠠᠯᠳᠤᠭᠠᠨ ᠪᠣᠯᠵᠤ᠂ ᠴᠠᠭ ᠦᠶ᠎ᠡ ᠶ᠋ᠢᠨ ᠦᠶᠢᠯᠡ ᠶᠠᠪᠤᠳᠠᠯ᠂ ᠠᠷᠭ᠎ᠠ ᢈᠡᠮᠵᠢᠶ᠎ᠡ ᠪᠣᠯᠤᠨ ᠬᠠᠷᠢᠶ᠎ᠠ ᠪᠠᠶᠢᠭᠤᠯᠤᠯᠭ᠎ᠠ ᠨᠤᠭᠤᠳ ᠤ᠋ᠨ ᢈᠡᠷᠡᢉᠵᠢᢉᠦᠯᠦᢉᠰᠡᠨ ᠦᠶᠢᠯᠡ ᠠᠵᠢᠯᠯᠠᠭᠠᠨ ᠤ᠋ ᠲᠠᠯ ᠠ᠋ ᠪᠠᠷ ᠲᠠᠨᠢᠯᠴᠠᠭᠤᠯᠪᠠ᠃

ᠥᠩᢉᠡᠷᠡᢉᠰᠡᠨ ᠳᠣᠯᠤᠭ᠎ᠠ ᠬᠣᠨᠤᠭ ᠲᠤ ᠪᠣᠯᠪᠠᠰᠤᠷᠠᠯ ᠤ᠋ᠨ ᠦᠨᠡᠯᠡᢉᠡᠨ ᠦ᠋ ᠲᠥᠪ ᠡᠴᠡ ᠒᠐᠒᠔ ᠣᠨ ᠤ᠋ ᠡᠪᠦᠯ ᠦ᠋ᠨ ᠡᠯᠰᠡᠯᠲᠡ ᠶ᠋ᠢᠨ ᠰᠢᠯᠭᠠᠯᠲᠠ ᠶ᠋ᠢ ᠤᠯᠤᠰ ᠳᠠᠶᠠᠭᠠᠷ ᠵᠣᢈᠢᠶᠠᠨ ᠪᠠᠶᠢᠭᠤᠯᠵᠤ᠂ ᠨᠡᠶᠢᠲᠡ ᠖᠑᠔᠑ ᠰᠢᠯᠭᠠᠭᠤᠯᠤᠭᠴᠢ ᠬᠠᠮᠤᠷᠤᠭᠳᠠᠯ᠎ᠠ᠃ ᠮᠣᠩᠭᠤᠯ ᠤᠯᠤᠰ ᠒᠐᠒᠒ ᠣᠨ ᠳ᠋ᠤ ᠰᠤᠷᠤᠯᠭ᠎ᠠ ᠶ᠋ᠢᠨ ᠠᠮᠵᠢᠯᠲᠠ ᠶ᠋ᠢᠨ ᠣᠯᠠᠨ ᠤᠯᠤᠰ ᠤ᠋ᠨ PISA ᠦᠨᠡᠯᠡᢉᠡ ᠪᠡᠷ ᠰᠤᠷᠤᠭᠴᠢᠳ ᠤ᠋ᠨ ᠪᠦᠲᠦᢉᠡᠯᠴᠢ ᠰᠡᠳᢈᠢᠯᢉᠡ ᠶ᠋ᠢ ᠦᠨᠡᠯᠡᢉᠦᠯᠦᢉᠰᠡᠨ ᠪᠣᠯ ᠢᠷᠡᢈᠦ ᠣᠨ ᠳ᠋ᠤ ᠴᠠᢈᠢᠮ ᠣᠷᠴᠢᠨ ᠳ᠋ᠤ ᠰᠤᠷᠤᠯᠴᠠᠬᠤᠢ ᠶ᠋ᠢᠨ ᠴᠢᢉᠯᠡᠯ ᠢ᠋ᠶᠡᠷ ᠦᠨᠡᠯᠡᢉᠡ ᢈᠢᠯᢉᠡᢈᠦ ᠪᠡᠷ ᠲᠥᠯᠦᠪᠯᠡᠨ ᠠᠵᠢᠯᠯᠠᠵᠤ ᠪᠠᠶᠢᠭ᠎ᠠ ᠶ᠋ᠢ ᠲᠤᠰ ᠲᠥᠪ ᠡᠴᠡ ᠮᠡᠳᠡᢉᠡᠯᠡᠪᠡ᠃

ᠶᠡᢈᠡ᠂ ᠳᠡᢉᠡᠳᠦ ᠰᠤᠷᠭᠠᠭᠤᠯᠢ ᠶ᠋ᠢᠨ ᢈᠥᠷᠦᠩᢉᠡ ᠶ᠋ᠢᠨ ᠮᠧᠨᠧᠵᠮᠧᠨ᠋ᠲ ᠦ᠋ᠨ ᠲᠥᠪ ᠡᠴᠡ ᠰᠢ‍᠂ ᠤ‍᠂ ᠲᠸ‍᠂ ᠶᠡ‍᠂ ᠰᠤ‍᠂ ᠶ᠋ᠢᠨ ᠬᠠᠷᠢᠶ᠎ᠠ ᠣᠯᠠᠨ ᠤᠯᠤᠰ ᠤ᠋ᠨ ᠢᠨ᠋ᠵᠧᠨᠧᠷ ᠦ᠋ᠨ ᠰᠤᠷᠭᠠᠭᠤᠯᠢ ᠶ᠋ᠢᠨ ᢈᠥᢉᠵᠢᠯ ᠦ᠋ᠨ ᠻᠣᠨ᠋ᠼᠧᠫᠼᠢ ᠶ᠋ᠢ ᠰᠤᠳᠤᠯᠭᠠᠨ ᠤ᠋ ᠶᠡᢈᠡ ᠰᠤᠷᠭᠠᠭᠤᠯᠢ ᠠ᠋ᠴᠠ ᠢᠨ᠋᠊ᠨ᠋ᠣᠸᠠᠼ ᠤ᠋ᠨ ᠶᠡᢈᠡ ᠰᠤᠷᠭᠠᠭᠤᠯᠢ ᠪᠣᠯᠭᠠᠬᠤ᠂ ᠳᠡᠪᠰᠢᠯᠲᠡᠲᠦ ᠲᠧᠻᠨᠢᢉ ᠲᠧᠻᠨᠣᠯᠣᢉᠢ ᠶ᠋ᠢ ᠨᠡᠪᠲᠡᠷᠡᢉᠦᠯᠵᠦ ᠪᠠᠭᠰᠢ᠂ ᠣᠶᠤᠲᠠᠨ᠂ ᠠᠵᠢᠯᠴᠢᠳ ᠤ᠋ᠨ ᠰᠤᠷᠬᠤ᠂ ᠠᠵᠢᠯᠯᠠᠬᠤ᠂ ᠠᠮᠢᠳᠤᠷᠠᠬᠤ ᠣᠷᠴᠢᠨ ᠢ᠋ ᠪᠦᠷᠢᠳᠦᢉᠦᠯᢈᠦ ᠦᠵᠡᠯ ᠰᠠᠨᠠᠭ᠎ᠠ ᠶ᠋ᠢ ᠲᠤᠰᠬᠠᠭᠰᠠᠨ ᠪᠠᠶᠢᠳᠠᠯ ᠢ᠋ᠶᠠᠷ ᠲᠥᠰᠦᠯ ᠦ᠋ᠨ ᠡᢈᠢᠨ ᠦ᠋ ᠬᠤᠪᠢᠯᠪᠤᠷᠢ ᠶ᠋ᠢ ᠪᠣᠯᠪᠠᠰᠤᠷᠠᠭᠤᠯᠤᠭᠰᠠᠨ ᠪᠠᠶᠢᠨ᠎ᠠ᠃

ᠵᠠᠰᠠᠭ ᠤ᠋ᠨ ᠭᠠᠵᠠᠷ ᠤ᠋ᠨ ᠑᠐᠐ ᠬᠣᠨᠤᠭ ᠲᠤ ᢈᠢᢈᠦ ᠠᠵᠢᠯ ᠤ᠋ᠨ ᠲᠥᠯᠦᠪᠯᠡᢉᠡᠨ ᠳ᠋ᠦ ᠪᠣᠯᠪᠠᠰᠤᠷᠠᠯ ᠤ᠋ᠨ ᠰᠠᠯᠪᠤᠷᠢ ᠳ᠋ᠤ ᢈᠡᠷᠡᢉᠵᠢᢉᠦᠯᢈᠦ ᠪᠡᠷ ᠲᠤᠰᠬᠠᠭᠰᠠᠨ ᠨᠡᠶᠢᠲᠡ ᠠᠵᠢᠯ᠂ ᠠᠷᠭ᠎ᠠ ᢈᠡᠮᠵᠢᠶᠡᠨ ᠦ᠋ ᢉᠦᠢᠴᠡᠳᢈᠡᠯ ᠙᠘ ᠬᠤᠪᠢᠲᠠᠢ ᠪᠠᠶᠢᠨ᠎ᠠ᠃ ᠡᠨᠡ ᠣᠨ ᠤ᠋ ᠶᠢᠰᠦᠳᠤᢉᠡᠷ ᠰᠠᠷ᠎ᠠ ᠳ᠋ᠤ ᠭᠤᠷᠪᠠᠨ ᠡᢉᠡᠯᠵᠢ ᠪᠡᠷ ᢈᠢᠴᠢᠶᠡᠯᠯᠡᠵᠦ ᠪᠤᠢ ᠠᠷᠪᠠᠨ ᠰᠤᠷᠭᠠᠭᠤᠯᠢ ᠪᠠᠶᠢᠭᠰᠠᠨ ᠪᠣᠯ ᠱᠠᠭᠠᠷᠳᠠᠯᠭ᠎ᠠ ᠲᠠᠢ ᠠᠷᠭ᠎ᠠ ᢈᠡᠮᠵᠢᠶ᠎ᠡ ᠨᠦ᠋ᢉᠦᠳ ᠢ᠋ ᠡᠷᠴᠢᠮᠵᠢᢉᠦᠯᠦᢉᠰᠡᠨ ᠦ᠋ ᠳ᠋ᠦᠩ ᠳ᠋ᠦ ᠨᠠᠢᠮᠠ ᠶ᠋ᠢ ᠨᠢ ᠬᠣᠶᠠᠷ ᠡᢉᠡᠯᠵᠢ ᠳ᠋ᠦ ᠰᠢᠯᠵᠢᢉᠦᠯᠵᠦ᠂ ᠦᠯᠡᠳᠡᢉᠰᠡᠨ ᠬᠣᠶᠠᠷ ᠰᠤᠷᠭᠠᠭᠤᠯᠢ ᠳ᠋ᠤ ᠬᠣᠯᠪᠤᠭᠳᠠᠬᠤ ᠠᠷᠭ᠎ᠠ ᢈᠡᠮᠵᠢᠶ᠎ᠡ ᠶ᠋ᠢ ᠠᠪᠴᠤ᠂ ᠲᠣᠪᠯᠠᠭᠰᠠᠨ ᠬᠤᠭᠤᠴᠠᠭᠠᠨ ᠳ᠋ᠤ ᠪᠠᠭᠲᠠᠭᠠᠨ ᠰᠢᠢᠳᠪᠦᠷᠢᠯᠡᢈᠦ ᠪᠡᠷ ᠠᠵᠢᠯᠯᠠᠵᠤ ᠪᠤᠢ᠃ ᠰᠤᠷᠭᠠᠭᠤᠯᠢ ᠶ᠋ᠢᠨ ᠡᠮᠦᠨᠡᢈᠢ ᠪᠣᠯᠤᠨ ᠪᠠᠭ᠎ᠠ ᠪᠣᠯᠪᠠᠰᠤᠷᠠᠯ ᠤ᠋ᠨ ᠰᠤᠷᠭᠠᠯᠲᠠ ᠶ᠋ᠢᠨ ᢈᠥᠲᠦᠯᠪᠦᠷᠢ᠂ ᠰᠤᠷᠬᠤ ᠪᠢᠴᠢᢉ ᠦ᠋ᠨ ᠰᠢᠨᠡᠴᠢᠯᠡᠯ ᠦ᠋ᠨ ᢈᠦᠷᠢᠶᠡᠨ ᠳ᠋ᠦ ᠪᠣᠯᠪᠠᠰᠤᠷᠠᠯ ᠤ᠋ᠨ ᠰᠤᠳᠤᠯᠭᠠᠨ ᠤ᠋ ᠦᠨᠳᠦᠰᠦᠨ ᠦ᠋ ᢈᠦᠷᠢᠶᠡᠯᠡᠩ ᠦ᠋ᠨ ᠲᠦᠰᠢᠴᠡ ᠰᠤᠷᠭᠠᠭᠤᠯᠢ ᠨᠤᠭᠤᠳ ᠲᠤ ᠰᠤᠷᠬᠤ ᠪᠢᠴᠢᢉ ᠦ᠋ᠨ ᠲᠣᢈᠢᠷᠠᠴᠠ ᠶ᠋ᠢ ᠰᠤᠳᠤᠯᠵᠤ ᠡᢈᠢᠯᠡᢉᠰᠡᠨ ᠪᠠᠶᠢᠨ᠎ᠠ᠃