ᠪᠠᠭᠠ ᠠᠩᢉᠢ ᠶ᠋ᠢᠨ ᠰᠤᠷᠤᠭᠴᠢᠳ ᠤ᠋ᠨ ᠴᠦᠩᢈᠦᠨ ᠦ᠋ ᠵᠢᠩ ᠢ᠋ ᠪᠠᠭᠠᠰᠬᠠᠵᠤ᠂ ᠳᠠᠰᠬᠠᠯ᠂ ᠳᠠᠭᠠᠭᠠᠯᠭᠠᠪᠤᠷᠢ ᠨᠤᠭᠤᠳ ᠢ᠋ ᠢᠯᠡᢉᠦᠦ ᠰᠣᠨᠢᠷᠬᠠᠯᠲᠠᠢ᠂ ᠢᠨ᠋ᠲ᠋ᠧᠷᠠᠻᠲ᠋ᠢᠸ᠂ ᠪᠦᠲᠦᢉᠡᠯᠴᠢ ᠪᠣᠯᠭᠠᠬᠤ ᠵᠣᠷᠢᠯᠭᠠ ᠪᠠᠷ ᠪᠣᠯᠪᠠᠰᠤᠷᠠᠯ ᠤ᠋ᠨ ᠶᠠᠮᠤᠨ ᠫᠣᠯᠢᠱ ᠤ᠋ᠨ “Learnetic” ᠻᠣᠮᠫᠠᠨᠢ ᠶ᠋ᠢᠨ ᠲᠧᢈᠨᠢᢉ ᠦ᠋ᠨ ᠳᠡᠮᠵᠢᠯᢉᠡ ᠲᠡᠢ ᠪᠡᠷ I᠆V ᠠᠩᢉᠢ ᠶ᠋ᠢᠨ ᠶᠢᠰᠦᠨ ᠲᠥᠷᠦᠯ ᠦ᠋ᠨ ᠓᠓ ᠰᠤᠷᠬᠤ ᠪᠢᠴᠢᢉ ᠢ᠋ ᠳ᠋ᠢᠽᠢᠲ᠋ᠠᠯ ᢈᠡᠯᠪᠡᠷᠢ ᠳ᠋ᠦ ᠰᠢᠯᠵᠢᢉᠦᠯᠦᠯᠡ᠃
ᠻᠣᠸᠢᠳ᠋ ᠑᠙ ᠴᠠᠷ ᠲᠠᠬᠤᠯ ᠤ᠋ᠨ ᠨᠥᠯᠦᢉᠡ ᠪᠡᠷ ᠪᠣᠯᠪᠠᠰᠤᠷᠠᠯ ᠤ᠋ᠨ ᠰᠠᠯᠪᠤᠷᠢ ᠳ᠋ᠤ ᠴᠠᢈᠢᠮ ᠰᠢᠯᠵᠢᠯᠲᠡ ᠡᠷᠴᠢᠮᠵᠢᠵᠦ᠂ ᠪᠦᢈᠦ ᠨᠠᠰᠤᠨ ᠤ᠋ ᢈᠦᠮᠦᠰ ᠵᠠᠢ ᠠ᠋ᠴᠠ ᠰᠤᠷᠤᠯᠴᠠᠬᠤ ᠪᠣᠯᠤᠮᠵᠢ ᠪᠠᠷ ᠬᠠᠩᠭᠠᠬᠤ ᠶ᠋ᠢᠨ ᠲᠤᠯᠠᠳᠠ ᠰᠤᠷᠭᠠᠭᠤᠯᠢ ᠨᠤᠭᠤᠳ ᠵᠢᠭᠠᠬᠤ᠂ ᠰᠤᠷᠬᠤ ᠦᠶᠢᠯᠡ ᠶᠠᠪᠤᠴᠠ ᠶ᠋ᠢ ᠳᠠᢈᠢᠨ ᠵᠠᠭᠪᠤᠷᠴᠢᠯᠠᠵᠤ ᠡᢈᠢᠯᠡᢉᠰᠡᠨ᠃ ᠡᢉᠦᠨ ᠲᠡᠢ ᠵᠡᠷᢉᠡᠴᠡᠨ ᢈᠦᠮᠦᠰ XXI ᠵᠠᠭᠤᠨ ᠤ᠋ ᠪᠣᠯᠪᠠᠰᠤᠷᠠᠯ᠂ ᠲᠡᢉᠦᠨ ᠢ᠋ ᠣᠯᠭᠤᠬᠤ᠂ ᠣᠯᠵᠤ ᠠᠪᠬᠤ ᠲᠤᠬᠠᠢ ᠠᠰᠠᠭᠤᠳᠠᠯ ᠢ᠋ ᠰᠢᠨᠡ ᠥᠨᠴᠦᢉ ᠢ᠋ᠶᠡᠷ ᠬᠠᠷᠠᠬᠤ ᠪᠣᠯᠤᠭᠰᠠᠨ ᠶᠤᠮ᠃
ᠮᠠᠨ ᠤ᠋ ᠤᠯᠤᠰ ᠡᠨᠡ ᠴᠢᢉᠯᠡᠯ ᠳ᠋ᠦ ᠣᠨᠴᠤᠭᠤᠢ ᠠᠩᠬᠠᠷᠤᠯ ᠬᠠᠨᠳᠤᠭᠤᠯᠵᠤ᠂ ᠨᠢ᠂ ᠦ᠂ ᠪᠠ᠂ ᠶ᠋ᠢᠨ «ᠬᠤᠪᠢᠰᠴᠤ ᠪᠤᠢ ᠪᠣᠯᠪᠠᠰᠤᠷᠠᠯ» ᠳᠡᢉᠡᠳᠦ ᢈᠡᠮᠵᠢᠶᠡᠨ ᠦ᠋ ᠴᠢᠭᠤᠯᠭᠠ ᠠᠭᠤᠯᠵᠠᠯᠲᠠ ᠶ᠋ᠢᠨ ᢈᠦᠷᠢᠶᠡᠨ ᠳ᠋ᠦ «ᠳ᠋ᠢᠽᠢᠲ᠋ᠠᠯ ᠰᠤᠷᠤᠯᠴᠠᠬᠤᠢ ᠪᠠ ᠬᠤᠪᠢᠷᠠᠭᠠᠨ ᠥᢉᠡᠷᠡᠴᠢᠯᠡᠯᠲᠡ» ᠰᠡᠳᠦᠪ ᠢ᠋ᠶᠡᠷ ᠲᠤᠰᠬᠠᠶᠢᠯᠠᠭᠰᠠᠨ ᢈᠡᠯᠡᠯᠴᠡᢉᠦᠯᢉᠡ ᠵᠣᢈᠢᠶᠠᠨ ᠪᠠᠶᠢᠭᠤᠯᠵᠤ᠂ ᠡᠨᠡ ᠴᠢᢉᠯᠡᠯ ᠳ᠋ᠦ ᢈᠡᠷᠡᢉᠵᠢᢉᠦᠯᢈᠦ ᠡᢉᠦᠷᢉᠡ᠂ ᠠᠮᠠᠯᠠᠯᠲᠠ ᠪᠠᠨ ᠲᠠᠨᠢᠯᠴᠠᠭᠤᠯᠤᠭᠰᠠᠨ ᠪᠢᠯᠡ᠃ ᠡᠨᠡ ᢈᠦᠷᠢᠶᠡᠨ ᠳ᠋ᠦ www᠃sur᠃esis᠃edu᠃mn ᠰᠢᠰᠲ᠋ᠧᠮ ᠢ᠋ ᢈᠥᢉᠵᠢᢉᠦᠯᠵᠦ᠂ ᠳ᠋ᠢᠽᠢᠲ᠋ᠠᠯ ᠰᠤᠷᠬᠤ ᠪᠢᠴᠢᢉ ᠦ᠋ᠳ ᠢ᠋ ᢈᠦᠯᠢᠶᠡᠨ ᠠᠪᠤᠯᠠ᠃ ᠡᢉᠦᠨ ᠦ᠋ ᠦᠷᠡ ᠳ᠋ᠦᠩ ᠳ᠋ᠦ: