ᠪᠣᠯᠪᠠᠰᠤᠷᠠᠯ ᠤ᠋ᠨ ᠶᠠᠮᠤᠨ᠂ «ᠪᠣᠯᠪᠠᠰᠤᠷᠠᠯ ᠤ᠋ᠨ ᠳᠡᠯᠡᢈᠡᠢ ᠶ᠋ᠢᠨ ᠲᠦᠩᠰᠢᠯᠡᠯ» (GPE) ᠣᠯᠠᠨ ᠤᠯᠤᠰ ᠤ᠋ᠨ ᠪᠠᠶᠢᠭᠤᠯᠤᠯᠭᠠ ᠶ᠋ᠢᠨ ᠰᠠᠩᢈᠦᠵᠢᠯᠲᠡ ᠪᠡᠷ ᢈᠡᠷᠡᢉᠵᠢᠵᠦ ᠪᠤᠢ «ᠲᠡᢉᠰᠢ ᠪᠣᠯᠤᠮᠵᠢ ᠶ᠋ᠢ ᠪᠦᠷᠢᠳᠦᢉᠦᠯᢈᠦ ᠵᠠᠮ ᠢ᠋ᠶᠠᠷ ᠰᠤᠷᠤᠯᠴᠠᠬᠤᠢ ᠶ᠋ᠢ ᠳᠡᠮᠵᠢᢈᠦ» (EQUAL) ᠲᠥᠰᠦᠯ ᠦ᠋ᠨ ᢈᠦᠷᠢᠶᠡᠨ ᠳ᠋ᠦ ᠠᠷᠤᠬᠠᠩᠭᠠᠢ᠂ ᠰᠦᢈᠡᠪᠠᠭᠠᠲᠤᠷ᠂ ᠰᠡᠯᠡᠩᢉᠡ᠂ ᠤᠪᠰᠤ ᠠᠶᠢᠮᠠᠭ᠂ ᠰᠦᢈᠡᠪᠠᠭᠠᠲᠤᠷ᠂ ᠬᠠᠨ ᠠᠭᠤᠯᠠ᠂ ᠪᠠᠶᠠᠨᠵᠢᠷᠦᢈᠡ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠑᠘ ᠪᠠᠭᠰᠢ ᠶ᠋ᠢ «ᠮᠣᠩᠭᠤᠯ ᠳᠣᢈᠢᠶᠠᠨ ᠤ᠋ ᢈᠡᠯᠡᠨ ᠦ᠋ ᠠᠩᠬᠠᠨ ᠱᠠᠲᠤᠨ ᠤ᠋ ᠮᠡᠳᠡᠯᢉᠡ ᠴᠢᠳᠠᠪᠤᠷᠢ ᠣᠯᠭᠣᠬᠤ ᠰᠤᠷᠭᠠᠯᠲᠠ» ᠳ᠋ᠦ ᠬᠠᠮᠤᠷᠤᠭᠤᠯᠵᠤ ᠪᠠᠶᠢᠨᠠ᠃
ᢉᠡᠷ ᠪᠦᠯᠢ᠂ ᢈᠥᠳᠡᠯᠮᠦᠷᠢ᠂ ᠨᠡᠶᠢᢉᠡᠮ ᠦ᠋ᠨ ᠬᠠᠮᠠᠭᠠᠯᠠᠯ ᠤ᠋ᠨ ᠶᠠᠮᠤᠨ ᠤ᠋ ᠬᠠᠷᠢᠶᠠ ᠰᠡᠷᢉᠦᢉᠡᠨ ᠵᠠᠰᠠᠯᠲᠠ᠂ ᠰᠤᠷᠭᠠᠯᠲᠠ ᠦᠶᠢᠯᠡᠳᠪᠦᠷᠢᠯᠡᠯ ᠦ᠋ᠨ ᠲᠥᠪ ᠲᠡᠢ ᠬᠠᠮᠲᠤᠷᠠᠨ ᠵᠣᢈᠢᠶᠠᠨ ᠪᠠᠶᠢᠭᠤᠯᠵᠤ ᠪᠤᠢ ᠤᠭ ᠰᠤᠷᠭᠠᠯᠲᠠ ᠪᠠᠷ ᠪᠠᠭᠰᠢ ᠨᠠᠷ ᠭᠤᠷᠪᠠᠨ ᠪᠦᠯᠦᢉ ᠰᠡᠳᠦᠪ ᠦ᠋ᠨ ᢈᠦᠷᠢᠶᠡᠨ ᠳ᠋ᠦ ᠔᠐ ᠴᠠᠭ ᠤ᠋ᠨ ᠠᠭᠤᠯᠭᠠ ᠶ᠋ᠢ ᠰᠤᠳᠤᠯᠵᠤ᠂ ᠮᠣᠩᠭᠣᠯ ᠳᠣᢈᠢᠶᠠᠨ ᠤ᠋ ᢈᠡᠯᠡᠨ ᠦ᠋ ᠦᢉᠡ ᠵᠦᠢ᠂ ᠥᢉᠦᠯᠡᠪᠦᠷᠢ ᠵᠦᠢ᠂ ᠨᠠᠶᠢᠷᠠᠭᠤᠯᠭᠠ ᠵᠦᠢ ᠶ᠋ᠢᠨ ᠠᠩᠬᠠᠨ ᠱᠠᠲᠤᠨ ᠤ᠋ ᠮᠡᠳᠡᠯᢉᠡ ᠴᠢᠳᠠᠪᠤᠷᠢ ᠲᠠᠢ ᠪᠣᠯᠬᠤ ᠶᠤᠮ᠃ ᠮᠥᠨ ᠥᠪᠡᠷ ᠦ᠋ᠨ ᠰᠤᠷᠭᠠᠭᠤᠯᠢ ᠪᠣᠯᠤᠨ ᠬᠠᠮᠤᠷᠤᠨ ᠰᠤᠷᠭᠠᠬᠤ ᠲᠣᠭᠤᠷᠢᠭ ᠤ᠋ᠨ ᠢ᠋ᠶᠠᠨ ᠰᠣᠨᠤᠰᠬᠠᠯ ᠤ᠋ᠨ ᠪᠡᠷᢈᠡᠰᠢᠶᠡᠯ ᠲᠡᠢ ᢈᠡᠦᢈᠡᠳ᠂ ᠢᠷᢉᠡᠳ ᠲᠡᠢ ᠡᠳᠦᠷ ᠲᠤᠲᠤᠮ ᠤ᠋ᠨ ᠬᠠᠷᠢᠯᠴᠠᠭᠠᠨ ᠤ᠋ ᠰᠡᠳᠦᠪ ᠦ᠋ᠳ ᠦ᠋ᠨ ᢈᠦᠷᠢᠶᠡᠨ ᠳ᠋ᠦ ᠲᠡᠳᠡᠨ ᠦ᠋ ᠡᢈᠡ ᢈᠡᠯᠡ ᠪᠡᠷ ᠬᠠᠷᠢᠯᠴᠠᠵᠤ᠂ ᠥᠪᠡᠷᠮᠢᠴᠡ ᠣᠨᠴᠠᠯᠢᠭ᠂ ᠠᠬᠤᠢ ᠰᠣᠶᠤᠯ᠂ ᢈᠡᠷᠡᢉᠴᠡᢉᠡ ᠶ᠋ᠢ ᠣᠶᠢᠯᠠᠭᠠᠬᠤ᠂ ᠲᠤᠰᠠᠯᠠᠬᠤ᠂ ᠳᠡᠮᠵᠢᢈᠦ ᠴᠢᠳᠠᠪᠤᠷᠢ ᠶ᠋ᠢ ᠡᠵᠡᠮᠰᠢᠨᠡ᠃
ᠡᠨᠡ ᠣᠨ ᠳ᠋ᠤ EQUAL ᠲᠥᠰᠦᠯ ᠦ᠋ᠨ ᢈᠦᠷᠢᠶᠡᠨ ᠳ᠋ᠦ ᠪᠦ᠂ ᠨᠠ᠂ ᠲ᠋᠂ ᠤ᠂ ᠲ᠋ᠤ ᠠᠦ᠋ᠲ᠋ᠢᠰᠮ ᠤ᠋ᠨ ᢈᠦᠷᠢᠶᠡᠨ ᠦ᠋ ᠡᠮᢉᠡᢉ ᠲᠡᠢ ᢈᠡᠦᢈᠡᠳ ᠲᠡᠢ ᠠᠵᠢᠯᠯᠠᠬᠤ ᠠᠷᠭᠠ ᠵᠦᠢ ᠶ᠋ᠢᠨ ᠰᠤᠷᠭᠠᠯᠲᠠ ᠳ᠋ᠤ ᠔᠐ ᠪᠠᠭᠰᠢ ᠶ᠋ᠢ ᠬᠠᠮᠤᠷᠤᠭᠤᠯᠤᠭᠰᠠᠨ ᠪᠠ ᠮᠤ᠂ ᠤ᠂ ᠪᠣ᠂ ᠶᠡ᠂ ᠰᠤ᠂ ᠶ᠋ᠢᠨ «ᠪᠠᠭᠰᠢ᠂ ᠲᠤᠰᠬᠠᠢ ᢈᠡᠷᠡᢉᠴᠡᢉᠡᠲᠦ ᠪᠣᠯᠪᠠᠰᠤᠷᠠᠯ» ᠮᠡᠷᢉᠡᠵᠢᠯ ᠦ᠋ᠨ ᢈᠥᠷᠪᠡᢈᠦ ᠰᠤᠷᠭᠠᠯᠲᠠ ᠳ᠋ᠤ ᠑᠘ ᠪᠠᠭᠰᠢ ᠶ᠋ᠢ ᠲᠡᠳᢈᠦᠯᢉᠡ ᠪᠡᠷ ᠰᠤᠷᠭᠠᠵᠤ ᠪᠠᠶᠢᠨᠠ᠃