ᠵᠢᠯ ᠪᠦᠷᠢ ᠪᠦ᠂ ᠨᠠ᠂ ᠰᠣ᠂ ᠤ᠂ ᠳᠤ ᠵᠣᢈᠢᠶᠠᠨ ᠪᠠᠶᠢᠭᠤᠯᠤᠭᠳᠠᠳᠠᠭ «Global Pro Robot» ᠲᠡᠮᠡᠴᠡᢉᠡᠨ ᠳ᠋ᠦ ᠶᠡᠷᠦᠩᢈᠡᠢ ᠪᠣᠯᠪᠠᠰᠤᠷᠠᠯ ᠤ᠋ᠨ «ᠮᠣᠨ᠋ᢉᠧᠨᠢ» ᠰᠤᠷᠭᠠᠭᠤᠯᠢ ᠶ᠋ᠢᠨ ᠑᠒ ᠰᠤᠷᠤᠭᠴᠢ᠂ ᠵᠢᠷᠭᠤᠭᠠᠨ ᠪᠠᠭᠰᠢ ᠮᠣᠩᠭᠣᠯ ᠤᠯᠤᠰ ᠢ᠋ᠶᠠᠨ ᠲᠥᠯᠦᢉᠡᠯᠡᠨ ᠣᠷᠤᠯᠴᠠᠵᠤ᠂ ᠬᠣᠶᠠᠷ ᠲᠥᠷᠦᠯ ᠳ᠋ᠦ ᠥᠷᠢᠰᠦᠯᠳᠦᠨ ᠮᠥᠩᢉᠦ᠂ ᢈᠦᠷᠡᠯ᠂ ᠲᠤᠰᠬᠠᠢ ᠪᠠᠶᠢᠷᠢ ᠶ᠋ᠢᠨ ᠡᠵᠡᠳ ᠪᠣᠯᠵᠡᠢ᠃ ᠪᠠᠭᠠ᠂ ᠳᠤᠮᠳᠠ ᠠᠩᢉᠢ ᠶ᠋ᠢᠨ ᠰᠤᠷᠤᠭᠴᠢᠳ ᠲᠤ ᠵᠣᠷᠢᠭᠤᠯᠤᠭᠰᠠᠨ ᠲᠤᠰ ᠲᠡᠮᠡᠴᠡᢉᠡᠨ ᠳ᠋ᠦ ᠨᠠᠢᠮᠠᠨ ᠤᠯᠤᠰ ᠤ᠋ᠨ ᠪᠠᠭ ᠥᠷᠢᠰᠦᠯᠳᠦᢉᠰᠡᠨ ᠪᠥᢉᠡᠳ ᠮᠣᠩᠭᠣᠯ ᠤᠯᠤᠰ ᠠ᠋ᠴᠠ ᠠᠩᠬᠠ ᠤᠳᠠᠭᠠ ᠣᠷᠤᠯᠴᠠᠵᠤ ᠪᠠᠶᠢᠭᠠ ᠶᠤᠮ᠃
VENU ᠲᠥᢈᠦᢉᠡᠷᠦᠮᠵᠢ ᠶ᠋ᠢᠨ ᠲᠥᠷᠦᠯ ᠳ᠋ᠦ:
1в ᠠᠩᢉᠢ ᠶ᠋ᠢᠨ ᠰᠤᠷᠤᠭᠴᠢ ᠡ᠂ ᠠᠨᠠᠷ ᠮᠥᠩᢉᠦᠨ ᠮᠧᠳᠠᠯᠢ
2б ᠠᠩᢉᠢ ᠶ᠋ᠢᠨ ᠰᠤᠷᠤᠭᠴᠢ ᠠ᠂ ᠠᠶᠠᠯᠭᠤ ᢈᠦᠷᠡᠯ ᠮᠧᠳᠠᠯᠢ
2д ᠠᠩᢉᠢ ᠶ᠋ᠢᠨ ᠰᠤᠷᠤᠭᠴᠢ ᠡ᠂ ᠲᠡᠮᠡᠦᠯᠦᠨ ᢈᠦᠷᠡᠯ ᠮᠧᠳᠠᠯᠢ
2в ᠠᠩᢉᠢ ᠶ᠋ᠢᠨ ᠰᠤᠷᠤᠭᠴᠢ ᠮ᠂ ᠮᠥᠩᢈᠡᠪᠠᠶᠠᠷ ᠲᠤᠰᠬᠠᠢ ᠪᠠᠶᠢᠷᠢ
2б ᠠᠩᢉᠢ ᠶ᠋ᠢᠨ ᠰᠤᠷᠤᠭᠴᠢ ᠲ᠂ ᠳᠠᠯᠠᠢ ᠲᠤᠰᠬᠠᠢ ᠪᠠᠶᠢᠷᠢ
DRONE ᠲᠥᠷᠦᠯ ᠳ᠋ᠦ 6е ᠠᠩᢉᠢ ᠶ᠋ᠢᠨ ᠰᠤᠷᠤᠭᠴᠢ:
ᠣ᠂ ᠳᠡᠮᠴᠣᠭ
ᠪ᠂ ᠡᠷᢈᠢᠮᠪᠠᠶᠠᠷ
ᠪ᠂ ᠲᠡᢉᠦᠰᠵᠢᠷᠭᠠᠯ
ᠪ᠂ ᠰᠦᠯᠳᠡ ᠣᠳᠤ
ᠥ᠂ ᠳᠡᠯᢉᠡᠷᠪᠠᠶᠠᠷ
ᠪ᠂ ᢉᠡᢉᠡᠨᢈᠦ᠋ᠰᠡᠯ
ᠫ᠂ ᠴᠢᠩᢈᠦ᠋ᠰᠡᠯᠡᠩ ᠨᠠᠷ ᠲᠤᠰᠬᠠᠢ ᠪᠠᠶᠢᠷᠢ ᠡᠵᠡᠯᠡᢉᠰᠡᠨ ᠪᠠᠶᠢᠨᠠ᠃
«ᠮᠣᠨ᠋ᢉᠧᠨᠢ» ᠰᠤᠷᠭᠠᠭᠤᠯᠢ ᠨᠢ ᠪᠦ᠂ ᠨᠠ᠂ ᠰᠣ᠂ ᠤ᠂ ᠤ᠋ᠨ «Sejong International» ᠻᠣᠮᠫᠠᠨᠢ ᠲᠠᠢ ᠬᠠᠮᠲᠤᠷᠠᠨ ᢈᠢᠮᠡᠯ ᠣᠶᠤᠨ ᠤᠬᠠᠭᠠᠨ ᠤ᠋ ᢈᠥᠲᠦᠯᠪᠦᠷᠢ ᠶ᠋ᠢ ᠬᠣᠶᠠᠷ ᠳᠠᢈᠢ ᠵᠢᠯ ᠳ᠋ᠦ ᠪᠡᠨ ᢈᠡᠷᠡᢉᠵᠢᢉᠦᠯᠵᠦ ᠪᠠᠶᠢᠭᠠ ᠶᠤᠮ᠃