Хаах

ᠮᠡᠷᢉᠡᠵᠢᠯ ᠦ᠋ᠨ ᠪᠣᠯᠤᠨ ᠲᠧᠻᠨᠢᢉ ᠦ᠋ᠨ ᠪᠣᠯᠪᠠᠰᠤᠷᠠᠯ᠂ ᠰᠤᠷᠭᠠᠯᠲᠠ ᠶ᠋ᠢ ᠳᠡᠮᠵᠢᢈᠦ ᠰᠠᠩ ᠤ᠋ᠨ ᠵᠢᠷᠤᠮ ᠤ᠋ᠨ ᠲᠥᠰᠦᠯ ᠪᠠᠲᠤᠯᠠᠭᠳᠠᠯ᠎ᠠ

A- A A+
ᠮᠡᠷᢉᠡᠵᠢᠯ ᠦ᠋ᠨ ᠪᠣᠯᠤᠨ ᠲᠧᠻᠨᠢᢉ ᠦ᠋ᠨ ᠪᠣᠯᠪᠠᠰᠤᠷᠠᠯ᠂ ᠰᠤᠷᠭᠠᠯᠲᠠ ᠶ᠋ᠢ ᠳᠡᠮᠵᠢᢈᠦ ᠰᠠᠩ ᠤ᠋ᠨ ᠵᠢᠷᠤᠮ ᠤ᠋ᠨ ᠲᠥᠰᠦᠯ ᠪᠠᠲᠤᠯᠠᠭᠳᠠᠯ᠎ᠠ

ᠵᠠᠰᠠᠭ ᠤ᠋ᠨ ᠭᠠᠵᠠᠷ ᠤ᠋ᠨ ᠒᠐᠒᠔ ᠣᠨ ᠤ᠋ ᠠᠷᠪᠠᠨ ᠨᠢᢉᠡᠳᠤᢉᠡᠷ ᠰᠠᠷ᠎ᠠ ᠶ᠋ᠢᠨ ᠒᠗ ᠡᠳᠦᠷ ᠦ᠋ᠨ ᠬᠤᠷᠠᠯᠳᠤᠭᠠᠨ ᠢ᠋ᠶᠠᠷ ᠮᠡᠷᢉᠡᠵᠢᠯ ᠦ᠋ᠨ ᠪᠣᠯᠤᠨ ᠲᠧᢈᠨᠢᢉ ᠦ᠋ᠨ ᠪᠣᠯᠪᠠᠰᠤᠷᠠᠯ᠂ ᠰᠤᠷᠭᠠᠯᠲᠠ ᠶ᠋ᠢ ᠳᠡᠮᠵᠢᢈᠦ ᠰᠠᠩ ᠤ᠋ᠨ ᠵᠢᠷᠤᠮ ᠤ᠋ᠨ ᠲᠥᠰᠦᠯ ᠢ᠋ ᢈᠡᠯᠡᠯᠴᠡᢉᠦᠯᠵᠦ᠂ ᠪᠠᠲᠤᠯᠠᠭᠤᠯᠤᠯ᠎ᠠ᠃ ᠡᠨᠡ ᢈᠦ ᠵᠢᠷᠤᠮ ᠪᠠᠲᠤᠯᠠᠭᠳᠠᠭᠰᠠᠨ ᠢ᠋ᠶᠠᠷ ᢈᠥᠳᠡᠯᠮᠦᠷᠢ ᠶ᠋ᠢᠨ ᠵᠠᠬ᠎ᠠ ᠵᠡᢉᠡᠯᠢ ᠶ᠋ᠢᠨ ᠡᠷᠢᠯᠲᠡ ᢈᠡᠷᠡᢉᠴᠡᢉᠡᠨ ᠳ᠋ᠦ ᠨᠡᠶᠢᠴᠡᢉᠰᠡᠨ ᠮᠡᠷᢉᠡᠵᠢᠯ ᠲᠡᠢ ᢈᠦᠮᠦᠨ ᠦ᠋ ᠨᠥᢉᠡᠴᠡ ᠶ᠋ᠢ ᠪᠡᠯᠡᠳᢈᠡᢈᠦ᠂ ᠲᠥᠷᠦ᠂ ᠬᠤᠪᠢ ᠶ᠋ᠢᠨ ᢈᠡᠪᠰᠢᠯ ᠦ᠋ᠨ ᠬᠠᠮᠲᠤ ᠶ᠋ᠢᠨ ᠠᠵᠢᠯᠯᠠᠭ᠎ᠠ ᠶ᠋ᠢ ᠪᠡᢈᠢᠵᠢᢉᠦᠯᢈᠦ᠂ ᠰᠤᠷᠭᠠᠯᠲᠠ ᠶ᠋ᠢᠨ ᠪᠠᠶᠢᠭᠤᠯᠤᠯᠭ᠎ᠠ ᠶ᠋ᠢ ᠬᠠᠭᠠᠰ ᠪᠡᠶ᠎ᠡ ᠳᠠᠭᠠᠭᠠᠭᠰᠠᠨ ᠲᠣᠭᠲᠠᠯᠴᠠᠭᠠᠨ ᠳ᠋ᠤ ᠰᠢᠯᠵᠢᢉᠦᠯᢈᠦ᠂ ᠰᠤᠷᠭᠠᠯᠲᠠ ᠶ᠋ᠢᠨ ᠴᠢᠨᠠᠷ ᠲᠤ ᠠᢈᠢᠴᠠ ᠭᠠᠷᠬᠤ ᠠᠴᠢ ᠬᠣᠯᠪᠤᠭᠳᠠᠯ ᠲᠠᠢ ᢈᠡᠮᠡᠨ ᠦᠵᠡᠵᠦ ᠪᠠᠶᠢᠨ᠎ᠠ᠃

ᠮᠡᠷᢉᠡᠵᠢᠯ ᠦ᠋ᠨ ᠪᠣᠯᠤᠨ ᠲᠧᠻᠨᠢᢉ ᠦ᠋ᠨ ᠪᠣᠯᠪᠠᠰᠤᠷᠠᠯ᠂ ᠰᠤᠷᠭᠠᠯᠲᠠ ᠶ᠋ᠢ ᠳᠡᠮᠵᠢᢈᠦ ᠰᠠᠩ ᠠ᠋ᠴᠠ ᠰᠠᠩᢈᠦᠵᠢᢉᠦᠯᢈᠦ ᠵᠠᠷᠢᠮ ᠣᠨᠴᠠᠯᠠᠬᠤ᠂ ᠰᠢᠨ᠎ᠡ ᠠᠷᠭ᠎ᠠ ᢈᠡᠮᠵᠢᠶ᠎ᠡ ᠶ᠋ᠢ ᠳᠤᠷᠠᠳᠪᠠᠯ:

  • ᠢᠷᢉᠡᠳ ᠠᠵᠢᠯᠯᠠᠩᠭ᠋ ᠠ᠋ ᠰᠤᠷᠤᠯᠴᠠᠬᠤ᠂ ᠰᠤᠷᠤᠯᠴᠠᠩᠭ᠎ᠠ ᢈᠥᠳᠡᠯᠮᠦᠷᠢ ᠡᠷᢈᠢᠯᠡᢈᠦ ᠪᠣᠯᠤᠮᠵᠢ ᠶ᠋ᠢ ᠪᠦᠷᠢᠳᠦᢉᠦᠯᢈᠦ ᠬᠣᠣᠰᠮᠠᠭ ᠰᠤᠷᠭᠠᠯᠲᠠ;
  • ᠰᠤᠷᠭᠠᠯᠲᠠ ᠶ᠋ᠢᠨ ᠪᠠᠶᠢᠭᠤᠯᠤᠯᠭ᠎ᠠ ᠭᠠᠳᠠᠭᠠᠳᠤ ᠶ᠋ᠢᠨ ᠢᠵᠢᠯ ᠲᠦᠪᠰᠢᠨ ᠦ᠋ ᠮᠡᠷᢉᠡᠵᠢᠯ ᠦ᠋ᠨ ᠪᠣᠯᠤᠨ ᠲᠧᢈᠨᠢᢉ ᠦ᠋ᠨ ᠪᠣᠯᠪᠠᠰᠤᠷᠠᠯ ᠤ᠋ᠨ ᠰᠤᠷᠭᠠᠯᠲᠠ ᠶ᠋ᠢᠨ ᠪᠠᠶᠢᠭᠤᠯᠤᠯᠭ᠎ᠠ ᠲᠠᠢ ᠬᠠᠮᠲᠤᠷᠠᠭᠰᠠᠨ ᢈᠥᠲᠦᠯᠪᠦᠷᠢ ᢈᠡᠷᠡᢉᠵᠢᢉᠦᠯᠵᠦ᠂ ᠲᠤᠬᠠᠢ ᠶ᠋ᠢᠨ ᠣᠷᠤᠨ ᠳ᠋ᠤ ᠰᠤᠷᠭᠠᠯᠲᠠ᠂ ᠦᠶᠢᠯᠡᠳᠪᠦᠷᠢᠯᠡᠯ ᠦ᠋ᠨ ᠳᠠᠳᠤᠯᠭ᠎ᠠ ᠵᠣᢈᠢᠶᠠᠨ ᠪᠠᠶᠢᠭᠤᠯᠬᠤ;
  • ᠪᠠᠭᠰᠢ᠂ ᠤᠳᠤᠷᠢᠳᠬᠤ ᠠᠵᠢᠯᠲᠠᠨ ᠤ᠋ ᠮᠡᠷᢉᠡᠵᠢᠯ ᠳᠡᢉᠡᢉᠰᠢᠯᠡᢉᠦᠯᢈᠦ ᠦᠨᠳᠦᠰᠦᠨ ᠪᠣᠯᠤᠨ ᠮᠡᠷᢉᠡᠰᠢᢉᠦᠯᢈᠦ ᠰᠤᠷᠭᠠᠯᠲᠠ᠂ ᠪᠠᠭᠰᠢ ᠶ᠋ᠢᠨ ᠮᠡᠷᢉᠡᠵᠢᠯ ᠦ᠋ᠨ ᢈᠥᢉᠵᠢᠯ ᠢ᠋ ᠳᠡᠮᠵᠢᢈᠦ ᠦᠢᠯᠡ ᠠᠵᠢᠯᠯᠠᠭ᠎ᠠ᠂ ᠪᠠᠭᠰᠢ᠂ ᠠᠵᠢᠯᠲᠠᠨ ᠤ᠋ ᢉᠦᠢᠴᠡᠳᢈᠡᠯ ᠦ᠋ᠨ ᠦᠨᠡᠯᠡᢉᠡ;
  • ᠮᠡᠷᢉᠡᠵᠢᠯ ᠦ᠋ᠨ ᠤᠷ᠎ᠠ ᠴᠢᠳᠠᠪᠤᠷᠢ ᠶ᠋ᠢᠨ ᠣᠯᠠᠨ ᠤᠯᠤᠰ ᠤ᠋ᠨ ᢈᠡᠮᠵᠢᠶᠡᠨ ᠦ᠋ ᠲᠡᠮᠡᠴᠡᢉᠡᠨ ᠳ᠋ᠦ ᠪᠡᠯᠡᠳᢈᠡᢈᠦ᠂ ᠣᠷᠤᠯᠴᠠᠬᠤ᠂ ᠤᠷᠮᠠᠰᠢᠭᠤᠯᠬᠤ᠂ ᠦᠨᠳᠦᠰᠦᠨ ᠦ᠋ ᢈᠡᠮᠵᠢᠶᠡᠨ ᠦ᠋ ᠮᠡᠷᢉᠡᠵᠢᠯ ᠦ᠋ᠨ ᠤᠷ᠎ᠠ ᠴᠢᠳᠠᠪᠤᠷᠢ ᠶ᠋ᠢᠨ ᠲᠡᠮᠡᠴᠡᢉᠡᠨ ᠢ᠋ ᠵᠣᢈᠢᠶᠠᠨ ᠪᠠᠶᠢᠭᠤᠯᠬᠤ;
  • ᠰᠤᠷᠭᠠᠯᠲᠠ ᠶ᠋ᠢᠨ ᢈᠡᠷᠡᢉᠯᠡᢉᠳᠡᢈᠦᠨ᠂ ᠲᠣᠨᠤᠭ᠂ ᠲᠥᢈᠦᢉᠡᠷᠦᠮᠵᠢ᠂ ᠨᠣᠮ ᠤ᠋ᠨ ᠰᠠᠩ ᠤ᠋ᠨ ᠪᠠᠶᠠᠵᠢᠯᠲᠠ᠂ ᠨᠥᢈᠦᠨ ᠬᠠᠩᠭᠠᠯᠲᠠ ᢉᠡᢈᠦ ᠮᠡᠲᠦ᠃

ᠠᠵᠤ ᠠᠬᠤᠢ ᠶ᠋ᠢᠨ ᠨᠢᢉᠡᠴᠡ ᠪᠠᠶᠢᠭᠤᠯᠤᠯᠭ᠎ᠠ ᠨᠤᠭᠤᠳ ᠮᠡᠷᢉᠡᠵᠢᠯ ᠦ᠋ᠨ ᠪᠣᠯᠪᠠᠰᠤᠷᠠᠯ ᠤ᠋ᠨ ᠰᠤᠷᠭᠠᠭᠤᠯᠢ᠂ ᠫᠣᠯᠢᠲ᠋ᠧᢉᠨᠢᢉ ᠻᠣᠯᠯᠧᠵᠢ ᠶ᠋ᠢᠨ ᠰᠤᠷᠭᠠᠯᠲᠠ ᠶ᠋ᠢᠨ ᠣᠷᠴᠢᠨ ᠢ᠋ ᠪᠦᠷᠢᠳᠦᢉᠦᠯᢈᠦ᠂ ᠳᠠᠳᠤᠯᠭ᠎ᠠ ᠶ᠋ᠢᠨ ᠭᠠᠵᠠᠷ ᠢ᠋ ᠲᠣᠨᠤᠭ ᠲᠥᢈᠦᢉᠡᠷᠦᠮᠵᠢ ᠪᠡᠷ ᠬᠠᠩᠭᠠᠬᠤ᠂ ᠳᠠᠳᠤᠯᠭ᠎ᠠ ᠶ᠋ᠢᠨ ᠪᠠᠶᠢᠷᠢ ᠶ᠋ᠢ ᠵᠠᠰᠠᠪᠤᠷᠢᠯᠠᠬᠤ᠂ ᠪᠠᠭᠰᠢ ᠨᠠᠷ ᠢ ᠳᠠᠳᠤᠯᠭᠠᠵᠢᠭᠤᠯᠬᠤ ᠵᠡᠷᢉᠡ ᠪᠡᠷ ᠳᠡᠮᠵᠢᠨ ᠠᠵᠢᠯᠯᠠᠵᠤ ᠰᠠᠩᢈᠦᠦ ᠶ᠋ᠢᠨ ᠳᠡᠮᠵᠢᠯᢉᠡ᠂ ᠬᠠᠨᠳᠢᠪ ᠥᢉᢉᠦᢉᠰᠡᠨ ᠪᠣᠯ ᠻᠣᠮᠫᠠᠨᠢ ᠨᠤᠭᠤᠳ ᠡᠷᢉᠢᠨ ᠠᠵᠢᠯᠲᠠᠨ ᠢᠢᠠᠨ ᠪᠡᠯᠡᠳᢈᠡᢈᠦ᠂ ᠤᠷ᠎ᠠ ᠴᠢᠳᠠᠪᠤᠷᠢ ᠳᠡᢉᠡᢉᠰᠢᠯᠡᢉᠦᠯᢈᠦ ᠰᠤᠷᠭᠠᠯᠲᠠ ᠳ᠋ᠤ ᠬᠠᠮᠤᠷᠤᠭᠤᠯᠬᠤ᠂ ᠠᠵᠢᠯᠯᠠᠩᠭ᠋ ᠠ᠋ ᠰᠤᠷᠤᠯᠴᠠᠵᠤ ᠪᠠᠶᠢᠭ᠎ᠠ ᠠᠵᠢᠯᠲᠠᠨ ᠤ᠋ ᢈᠢ ᠪᠠᠨ ᠮᠡᠷᢉᠡᠵᠢᠯ ᠦ᠋ᠨ ᠤᠷ᠎ᠠ ᠴᠢᠳᠠᠪᠤᠷᠢ ᠶ᠋ᠢᠨ ᠲᠦᠪᠰᠢᠨ ᠢ᠋ ᠲᠣᠭᠲᠠᠭᠠᠯᠭᠠᠬᠤ᠂ ᠦᠨᠡᠯᠡᢉᠦᠯᢈᠦ᠂ ᠳᠠᠳᠤᠯᠭᠠᠵᠢᠭᠤᠯᠤᠭᠴᠢ ᠪᠡᠯᠡᠳᢈᠡᢈᠦ᠂ ᠳᠠᠪᠲᠠᠨ ᠰᠤᠷᠭᠠᠬᠤ᠂ ᠳᠡᠪᠰᠢᠯᠲᠡᠲᠦ ᠲᠧᢈᠨᠢᢉ᠂ ᠲᠧᠻᠨᠤᠯᠤᢉᠢ ᠠᠰᠢᠭᠯᠠᠬᠤ ᠠᠰᠠᠭᠤᠳᠠᠯ ᠢ᠋ᠶᠠᠷ ᠰᠤᠷᠭᠠᠯᠲᠠ ᠳ᠋ᠤ ᠬᠠᠮᠤᠷᠤᠭᠳᠠᠬᠤ ᠪᠣᠯᠤᠮᠵᠢ ᠲᠠᠢ᠃ ᠮᠥᠨ ᠠᠵᠤ ᠠᠬᠤᠢ ᠶ᠋ᠢᠨ ᠨᠢᢉᠡᠴᠡ ᠶ᠋ᠢᠨ ᠣᠷᠤᠯᠭ᠎ᠠ ᠶ᠋ᠢᠨ ᠠᠯᠪᠠᠨ ᠲᠠᠲᠠᠪᠤᠷᠢ ᠶ᠋ᠢᠨ ᠲᠤᠬᠠᠢ ᠬᠠᠤᠯᠢ ᠳ᠋ᠤ ᠵᠢᠭᠠᠭᠰᠠᠨ ᠢ᠋ᠶᠠᠷ ᠮᠡᠷᢉᠡᠵᠢᠯ ᠦ᠋ᠨ ᠪᠣᠯᠪᠠᠰᠤᠷᠠᠯ ᠤ᠋ᠨ ᠰᠤᠷᠭᠠᠭᠤᠯᠢ᠂ ᠫᠣᠯᠢᠲ᠋ᠧᠻᠨᠢᢉ ᠻᠣᠯᠯᠧᠵᠢ ᠳ᠋ᠤ ᠦᠵᠡᢉᠦᠯᠦᢉᠰᠡᠨ ᠰᠠᠩᢈᠦᠦ ᠶ᠋ᠢᠨ ᠳᠡᠮᠵᠢᠯᢉᠡ᠂ ᠬᠠᠨᠳᠢᠪ ᠤ᠋ᠨ ᠵᠠᠷᠤᠳᠠᠯ ᠢ᠋ ᠲᠤᠬᠠᠢ ᠶ᠋ᠢᠨ ᠵᠢᠯ ᠦ᠋ᠨ ᠪᠣᠷᠤᠯᠠᠭᠤᠯᠤᠯᠲᠠ ᠶ᠋ᠢᠨ ᠣᠷᠤᠯᠭ᠎ᠠ ᠶ᠋ᠢᠨ ᠑ ᠬᠤᠪᠢ ᠠ᠋ᠴᠠ ᢈᠡᠲᠦᠷᠡᢈᠦ ᠦᢉᠡᠢ ᠳ᠋ᠦᠩ ᠢ᠋ᠶᠡᠷ ᠲᠣᠭᠠᠴᠠᠨ ᠬᠠᠰᠤᠵᠤ᠂ ᢈᠥᠩᢉᠡᠯᠡᢈᠦ ᠵᠣᢈᠢᠴᠠᠭᠤᠯᠤᠯᠲᠠ ᠪᠤᠢ ᠪᠣᠯᠤᠭᠰᠠᠨ ᠶᠤᠮ᠃