Хаах

«ᠳᠡᢉᠡᠳᠦ ᠪᠣᠯᠪᠠᠰᠤᠷᠠᠯ ᠳ᠋ᠤ ᠬᠠᠮᠢᠶᠠᠷᠬᠤ ᠡᠷᠳᠡᠮ ᠦ᠋ᠨ ᠵᠡᠷᢉᠡ ᠶ᠋ᠢ ᢈᠦᠯᠢᠶᠡᠨ ᠵᠥᠪᠰᠢᠶᠡᠷᠡᢈᠦ ᠲᠤᠬᠠᠢ ᠳᠡᠯᠡᢈᠡᠢ ᠳᠠᢈᠢᠨ ᠤ᠋ ᠻᠣᠨ᠋ᠸᠧᠨ᠋ᠼ» ᠳ᠋ᠤ ᠮᠣᠩᠭᠣᠯ ᠤᠯᠤᠰ ᠨᠢᢉᠡᠳᠦᠯ ᠡ᠋

A- A A+
«ᠳᠡᢉᠡᠳᠦ ᠪᠣᠯᠪᠠᠰᠤᠷᠠᠯ ᠳ᠋ᠤ ᠬᠠᠮᠢᠶᠠᠷᠬᠤ ᠡᠷᠳᠡᠮ ᠦ᠋ᠨ ᠵᠡᠷᢉᠡ ᠶ᠋ᠢ ᢈᠦᠯᠢᠶᠡᠨ ᠵᠥᠪᠰᠢᠶᠡᠷᠡᢈᠦ ᠲᠤᠬᠠᠢ ᠳᠡᠯᠡᢈᠡᠢ ᠳᠠᢈᠢᠨ ᠤ᠋ ᠻᠣᠨ᠋ᠸᠧᠨ᠋ᠼ» ᠳ᠋ᠤ ᠮᠣᠩᠭᠣᠯ ᠤᠯᠤᠰ ᠨᠢᢉᠡᠳᠦᠯ ᠡ᠋

ᠳᠡᠯᠡᢈᠡᠢ ᠶ᠋ᠢᠨ ᢈᠡᠮᠵᠢᠶᠡᠨ ᠳ᠋ᠦ ᠪᠣᠯᠪᠠᠰᠤᠷᠠᠯ ᠤ᠋ᠨ ᠰᠠᠯᠪᠤᠷᠢ ᠶ᠋ᠢ ᠬᠠᠮᠤᠷᠤᠭᠤᠯᠤᠨ ᠪᠠᠲᠤᠯᠠᠭᠰᠠᠨ ᠠᠩᠬᠠᠨ ᠤ᠋ ᢉᠡᠷ᠎ᠡ ᠪᠣᠯᠬᠤ «ᠳᠡᢉᠡᠳᠦ ᠪᠣᠯᠪᠠᠰᠤᠷᠠᠯ ᠳ᠋ᠤ ᠬᠠᠮᠢᠶᠠᠷᠬᠤ ᠡᠷᠳᠡᠮ ᠦ᠋ᠨ ᠵᠡᠷᢉᠡ ᠶ᠋ᠢ ᢈᠦᠯᠢᠶᠡᠨ ᠵᠥᠪᠰᠢᠶᠡᠷᠡᢈᠦ ᠲᠤᠬᠠᠢ ᠳᠡᠯᠡᢈᠡᠢ ᠳᠠᢈᠢᠨ ᠤ᠋ ᠻᠣᠨ᠋ᠸᠧᠨ᠋ᠼ» ᠳ᠋ᠤ ᠮᠣᠩᠭᠣᠯ ᠤᠯᠤᠰ ᠨᠢᢉᠡᠳᠦᠨ ᠣᠷᠤᠯ᠎ᠠ᠃ ᠶᠦ‍᠂ ᠨ‍᠂ ᠧ‍᠂ ᠰ‍᠂ ᠻᠤ ᠆ ᠤ᠋ᠨ ᠶᠡᠷᠦᠩᢈᠡᠢ ᠪᠠᠭ᠎ᠠ ᠬᠤᠷᠠᠯ ᠠ᠋ᠴᠠ ᠒᠐᠑᠙ ᠣᠨ ᠳ᠋ᠤ ᠪᠠᠲᠤᠯᠠᠭᠰᠠᠨ ᠲᠤᠰ ᠻᠣᠨ᠋ᠸᠧᠨ᠋ᠼ ᠳ᠋ᠤ ᠳᠡᠯᠡᢈᠡᠢ ᠶ᠋ᠢᠨ ᠓᠓ ᠤᠯᠤᠰ ᠨᠢᢉᠡᠳᠦᢉᠰᠡᠨ ᠪᠠ ᠮᠣᠩᠭᠣᠯ ᠤᠯᠤᠰ ᠓᠔ ᠳ᠋ᠡᢈᠢ ᠨᠢ ᠪᠣᠯᠵᠤ ᠪᠠᠶᠢᠨ᠎ᠠ᠃

ᠡᠨᠡ ᢈᠦ ᠻᠣᠨ᠋ᠸᠧᠨ᠋ᠼ ᠨᠢ ᠨᠢᢉᠡᠳᠦᠨ ᠣᠷᠤᠭᠰᠠᠨ ᠤᠯᠤᠰ ᠣᠷᠤᠨ ᠨᠤᠭᠤᠳ ᠤ᠋ᠨ ᠶᠡᢈᠡ᠂ ᠳᠡᢉᠡᠳᠦ ᠰᠤᠷᠭᠠᠭᠤᠯᠢ ᠨᠤᠭᠤᠳ ᠤ᠋ᠨ ᠪᠣᠯᠪᠠᠰᠤᠷᠠᠯ᠂ ᠰᠤᠷᠭᠠᠯᠲᠠ ᠶ᠋ᠢᠨ ᠦᠷ᠎ᠡ ᠳ᠋ᠦᠩ᠂ ᠵᠡᠷᢉᠡ᠂ ᠴᠣᠯᠠ ᠶ᠋ᠢ ᠢᠯᠡ ᠲᠣᠳᠤ᠂ ᠰᠢᠳᠤᠷᠭᠤ ᠪᠠᠷ ᢈᠦᠯᠢᠶᠡᠨ ᠵᠥᠪᠰᠢᠶᠡᠷᠡᢈᠦ᠂ ᠰᠤᠷᠤᠯᠴᠠᠭᠴᠢᠳ ᠲᠤ ᠪᠤᠰᠤᠳ ᠣᠷᠤᠨ ᠤ᠋ ᠶᠡᢈᠡ᠂ ᠳᠡᢉᠡᠳᠦ ᠰᠤᠷᠭᠠᠭᠤᠯᠢ ᠨᠤᠭᠤᠳ ᠲᠤ ᠦᠷᢉᠦᠯᠵᠢᠯᠡᢉᠦᠯᠦᠨ ᠰᠤᠷᠤᠯᠴᠠᠬᠤ᠂ ᢈᠥᠳᠡᠯᠮᠦᠷᠢ ᠡᠷᢈᠢᠯᠡᢈᠦ᠂ ᠪᠣᠯᠪᠠᠰᠤᠷᠠᠯ ᠤ᠋ᠨ᠂ ᠵᠠᠢ ᠶ᠋ᠢᠨ ᢈᠡᠯᠪᠡᠷᠢ ᠪᠡᠷ ᠰᠤᠷᠤᠯᠴᠠᠵᠤ᠂ ᠡᠵᠡᠮᠰᠢᢉᠰᠡᠨ ᠮᠡᠷᢉᠡᠰᠢᠯ ᠢ᠋ᠶᠡᠨ ᢈᠦᠯᠢᠶᠡᠨ ᠵᠥᠪᠰᠢᠶᠡᠷᠡᢉᠦᠯᢈᠦ ᠪᠣᠯᠤᠮᠵᠢ ᠶ᠋ᠢ ᠣᠯᠭᠣᠳᠠᠭ᠃

ᠮᠣᠩᠭᠣᠯ ᠤᠯᠤᠰ ᢈᠥᢉᠵᠢᠯ ᠦ᠋ᠨ ᠪᠠᠷᠢᠮᠲᠠ ᠪᠢᠴᠢᢉ ᠦ᠋ᠳ ᠲᠡᢉᠡᠨ ᠣᠯᠠᠨ ᠤᠯᠤᠰ ᠲᠤ ᠥᠷᠢᠰᠦᠯᠳᠦᢈᠦ ᠴᠢᠳᠠᠪᠤᠷᠢ ᠲᠠᠢ ᠪᠣᠯᠪᠠᠰᠤᠷᠠᠯ ᠤ᠋ᠨ ᢈᠥᠲᠦᠯᠪᠦᠷᠢ ᠶ᠋ᠢ ᠦᠶ᠎ᠡ ᠱᠠᠲᠤ ᠲᠠᠢ ᠪᠠᠷ ᢈᠡᠷᠡᢉᠵᠢᢉᠦᠯᢈᠦ ᠵᠣᠷᠢᠯᠲᠠ ᠶ᠋ᠢ ᠳᠡᠪᠰᠢᢉᠦᠯᠦᠨ ᢈᠡᠷᠡᢉᠵᠢᢉᠦᠯᠵᠦ ᠪᠠᠶᠢᠨ᠎ᠠ᠃ ᠡᢉᠦᠨ ᠢ᠋ ᢈᠡᠷᠡᢉᠵᠢᢉᠦᠯᢈᠦ ᠳ᠋ᠦ ᠳᠡᠯᠡᢈᠡᠢ ᠶ᠋ᠢᠨ ᠤᠯᠤᠰ ᠤ᠋ᠳ ᠲᠠᠢ ᠪᠣᠯᠪᠠᠰᠤᠷᠠᠯ᠂ ᠰᠤᠷᠭᠠᠯᠲᠠ᠂ ᠡᠷᠳᠡᠮ ᠦ᠋ᠨ ᠵᠡᠷᢉᠡ᠂ ᠴᠣᠯᠠ ᠶ᠋ᠢ ᠬᠠᠷᠢᠯᠴᠠᠨ ᢈᠦᠯᠢᠶᠡᠨ ᠵᠥᠪᠰᠢᠶᠡᠷᠡᢈᠦ ᠶᠠᠪᠤᠳᠠᠯ ᠴᠢᠬᠤᠯᠠ ᠠᠴᠢ ᠬᠣᠯᠪᠤᠭᠳᠠᠯ ᠲᠠᠢ᠃

 

«ᠳᠡᢉᠡᠳᠦ ᠪᠣᠯᠪᠠᠰᠤᠷᠠᠯ ᠳ᠋ᠤ ᠬᠠᠮᠢᠶᠠᠷᠬᠤ ᠡᠷᠳᠡᠮ ᠦ᠋ᠨ ᠵᠡᠷᢉᠡ ᠶ᠋ᠢ ᢈᠦᠯᠢᠶᠡᠨ ᠵᠥᠪᠰᠢᠶᠡᠷᠡᢈᠦ ᠲᠤᠬᠠᠢ ᠳᠡᠯᠡᢈᠡᠢ ᠳᠠᢈᠢᠨ ᠤ᠋ ᠻᠣᠨ᠋ᠸᠧᠨ᠋ᠼ» ᠨᠢ ᠳᠠᠷᠠᠭᠠᢈᠢ ᠬᠠᠷᠢᠯᠴᠠᠭ᠎ᠠ ᠶ᠋ᠢ ᠵᠣᢈᠢᠴᠠᠭᠤᠯᠬᠤ ᠳ᠋ᠤ ᠴᠢᢉᠯᠡᢉᠰᠡᠨ᠃ ᠡᢉᠦᠨ ᠳ᠋ᠦ:

  • ᠳᠡᢉᠡᠳᠦ ᠪᠣᠯᠪᠠᠰᠤᠷᠠᠯ ᠤ᠋ᠨ ᠴᠢᢉᠯᠡᠯ ᠢ᠋ᠶᠡᠷ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭ᠎ᠠ ᠶ᠋ᠢ ᠳᠡᠮᠵᠢᠵᠦ᠂ ᠪᠡᢈᠢᠵᠢᢉᠦᠯᢈᠦ;
  • ᠳᠡᢉᠡᠳᠦ ᠪᠣᠯᠪᠠᠰᠤᠷᠠᠯ ᠤ᠋ᠨ ᠴᠢᢉᠯᠡᠯ ᠢ᠋ᠶᠡᠷ ᠪᠦᠰᠡ ᠨᠤᠲᠤᠭ ᠬᠣᠭᠤᠷᠤᠨᠳᠤ ᠶ᠋ᠢᠨ ᠰᠠᠨᠠᠯ ᠰᠠᠨᠠᠭᠠᠴᠢᠯᠭ᠎ᠠ᠂ ᠪᠣᠳᠤᠯᠭ᠎ᠠ᠂ ᠢᠨ᠋᠊ᠨ᠋ᠣᠸᠠᠼ ᠢ᠋ ᠳᠡᠮᠵᠢᢈᠦ;
  • ᠤᠯᠤᠰ᠂ ᠣᠷᠤᠨ ᠨᠤᠭᠤᠳ ᠤ᠋ᠨ ᠳᠡᢉᠡᠳᠦ ᠪᠣᠯᠪᠠᠰᠤᠷᠠᠯ ᠤ᠋ᠨ ᠲᠣᠭᠲᠠᠯᠴᠠᠭᠠᠨ ᠤ᠋ ᠢᠯᠭᠠᠭ᠎ᠠ ᠲᠠᠢ ᠪᠠᠶᠢᠳᠠᠯ ᠢ᠋ ᠣᠶᠢᠯᠠᠭᠠᠵᠤ᠂ ᢈᠦᠨᠳᠦᠯᠡᢈᠦ ᠶ᠋ᠢᠨ ᠵᠡᠷᢉᠡᠴᠡᢉᠡ ᠳᠡᢉᠡᠳᠦ ᠪᠣᠯᠪᠠᠰᠤᠷᠠᠯ ᠤ᠋ᠨ ᠡᠷᠳᠡᠮ ᠦ᠋ᠨ ᠵᠡᠷᢉᠡ ᠡᠵᠡᠮᠰᠢᢉᠴᠢᠳ᠂ ᠳᠡᢉᠡᠳᠦ ᠪᠣᠯᠪᠠᠰᠤᠷᠠᠯ ᠤ᠋ᠨ ᠪᠠᠶᠢᠭᠤᠯᠤᠯᠭ᠎ᠠ ᠨᠤᠭᠤᠳ᠂ ᠠᠵᠢᠯ ᠣᠯᠭᠤᠭᠴᠢᠳ᠂ ᠪᠤᠰᠤᠳ ᠣᠷᠤᠯᠴᠠᠭᠴᠢ ᠲᠠᠯ᠎ᠠ ᠳ᠋ᠤ ᠬᠠᠷᠢᠯᠴᠠᠨ ᠠᠰᠢᠭᠲᠠᠢ ᠪᠠᠶᠢᠯᠭᠠᠬᠤ᠂ ᠳᠡᠯᠡᢈᠡᠢ ᠳᠠᢈᠢᠨ ᠳ᠋ᠤ ᠳᠡᢉᠡᠳᠦ ᠪᠣᠯᠪᠠᠰᠤᠷᠠᠯ ᠤ᠋ᠨ ᠰᠠᠯᠪᠤᠷᠢ ᠳ᠋ᠠᢈᠢ ᠰᠢᠯᠵᠢᠯᠲᠡ ᢈᠥᠳᠡᠯᢉᠡᢉᠡᠨ ᠪᠣᠯᠤᠨ ᠣᠯᠤᠯᠲᠠ ᠠᠮᠵᠢᠯᠲᠠ ᠶ᠋ᠢ ᠳᠡᠮᠵᠢᢈᠦ;  
  • ᠳᠡᢉᠡᠳᠦ ᠪᠣᠯᠪᠠᠰᠤᠷᠠᠯ ᠳ᠋ᠤ ᠬᠠᠮᠢᠶᠠᠷᠬᠤ ᠡᠷᠳᠡᠮ ᠦ᠋ᠨ ᠵᠡᠷᢉᠡ ᠶ᠋ᠢ ᠰᠢᠳᠤᠷᠭᠤ᠂ ᠢᠯᠡ ᠲᠣᠳᠤ᠂ ᠲᠤᠭᠤᠰᠢᠲᠠᠢ᠂ ᠤᠶᠠᠯᠳᠤᠭᠠᠲᠠᠢ᠂ ᠴᠠᠭ ᠦᠶ᠎ᠡ ᠪᠡᠨ ᠣᠯᠤᠭᠰᠠᠨ᠂ ᠨᠠᠶᠢᠳᠠᠪᠤᠷᠢᠲᠠᠢ ᠪᠠᠷ ᢈᠦᠯᠢᠶᠡᠨ ᠵᠥᠪᠰᠢᠶᠡᠷᠡᢈᠦ ᢈᠦᠷᠲᠡᢉᠡᠮᠵᠢ ᠲᠡᠢ ᠲᠣᠭᠲᠠᠯᠴᠠᠭ᠎ᠠ ᠶ᠋ᠢ ᠳᠡᠯᠡᢈᠡᠢ ᠶ᠋ᠢᠨ ᢈᠡᠮᠵᠢᠶᠡᠨ ᠳ᠋ᠦ ᠪᠤᠢ ᠪᠣᠯᠭᠠᠬᠤ;
  • ᠳᠡᢉᠡᠳᠦ ᠪᠣᠯᠪᠠᠰᠤᠷᠠᠯ ᠤ᠋ᠨ ᠪᠠᠶᠢᠭᠤᠯᠤᠯᠭ᠎ᠠ ᠪᠣᠯᠤᠨ ᠲᠣᠭᠲᠠᠯᠴᠠᠭᠠᠨ ᠤ᠋ ᠪᠡᠶ᠎ᠡ ᠳᠠᠭᠠᠭᠠᠭᠰᠠᠨ᠂ ᠢᠯᠭᠠᠭ᠎ᠠ ᠲᠠᠢ ᠪᠠᠶᠢᠳᠠᠯ ᠢ᠋ ᢈᠦᠨᠳᠦᠳᢈᠡᠵᠦ᠂ ᠳᠡᠮᠵᠢᠵᠦ᠂ ᠬᠠᠮᠠᠭᠠᠯᠠᠬᠤ;
  • ᠰᠢᠳᠤᠷᠭᠤ ᠪᠠᠶᠢᠳᠠᠯ᠂ ᠶᠣᠰᠤ ᠵᠦᠢ ᠶ᠋ᠢᠨ ᢈᠡᠮ ᢈᠡᠮᠵᠢᠶ᠎ᠡ ᠶ᠋ᠢ inter alia ᢈᠥᢈᠢᢉᠦᠯᠦᠨ ᠳᠡᠮᠵᠢᢈᠦ ᠵᠠᠮ ᠢ᠋ᠶᠠᠷ ᠡᠷᠳᠡᠮ ᠦ᠋ᠨ ᠵᠡᠷᢉᠡ ᠶ᠋ᠢᠨ ᠴᠢᠨᠠᠷ᠂ ᠨᠠᠶᠢᠳᠠᠪᠤᠷᠢᠲᠠᠢ ᠪᠠᠶᠢᠳᠠᠯ ᠳ᠋ᠤ ᠢᠲᠡᢉᠡᢈᠦ ᠢᠲᠡᢉᠡᠯ᠂ ᠦᠨᠡᠮᠰᠢᠯ ᠢ᠋ ᠳᠡᢉᠡᢉᠰᠢᠯᠡᢉᠦᠯᢈᠦ;
  • ᠳᠡᢉᠡᠳᠦ ᠪᠣᠯᠪᠠᠰᠤᠷᠠᠯ ᠤ᠋ᠨ ᠪᠠᠶᠢᠭᠤᠯᠤᠯᠭ᠎ᠠ᠂ ᠲᠣᠭᠲᠠᠯᠴᠠᠭᠠᠨ ᠳ᠋ᠤ ᠴᠢᠨᠠᠷ ᠤ᠋ᠨ ᠪᠠᠲᠤᠯᠠᠭᠠᠵᠢᠭᠤᠯᠤᠯᠲᠠ ᠶ᠋ᠢᠨ ᠰᠣᠶᠤᠯ ᠢ᠋ ᢈᠥᢈᠢᢉᠦᠯᠦᠨ ᠳᠡᠮᠵᠢᠵᠦ᠂ ᠨᠠᠶᠢᠳᠠᠪᠤᠷᠢᠲᠠᠢ᠂ ᠤᠶᠠᠯᠳᠤᠭ᠎ᠠ ᠬᠣᠯᠪᠤᠭ᠎ᠠ ᠲᠠᠢ᠂ ᠬᠠᠷᠢᠯᠴᠠᠨ ᠨᠥᢈᠦᢈᠦᠶᠢᠴᠡ ᠪᠠᠶᠢᠬᠤ ᠳ᠋ᠤ ᠱᠠᠭᠠᠷᠳᠠᠯᠭ᠎ᠠ ᠲᠠᠢ ᠴᠢᠳᠠᠪᢈᠢ ᠶ᠋ᠢ ᢈᠥᢉᠵᠢᢉᠦᠯᢈᠦ;
  • ᠤᠯᠤᠰ ᠣᠷᠤᠨ᠂ ᠪᠦᠰᠡ ᠨᠤᠲᠤᠭ ᠤ᠋ᠨ ᠬᠣᠭᠤᠷᠤᠨᠳᠤ ᢈᠦᠷᠲᠡᢉᠡᠮᠵᠢᠲᠡᠢ᠂ ᠣᠷᠴᠢᠨ ᠦᠶ᠎ᠡ ᠶ᠋ᠢᠨ᠂ ᠨᠠᠶᠢᠳᠠᠪᠤᠷᠢᠲᠠᠢ᠂ ᠢᠯᠡ ᠲᠣᠳᠤ ᠮᠡᠳᠡᢉᠡᠯᠡᠯ ᠪᠣᠯᠪᠠᠰᠤᠷᠠᠭᠤᠯᠬᠤ᠂ ᠴᠤᠭᠯᠠᠭᠤᠯᠬᠤ᠂ ᠰᠣᠯᠢᠯᠴᠠᠬᠤ᠂ ᠮᠥᠨ ᠰᠢᠯᠢᠳᠡᢉ ᠲᠤᠷᠰᠢᠯᠭ᠎ᠠ ᠶ᠋ᠢ ᠲᠦᢉᠡᢉᠡᢈᠦ ᠦᠶᠢᠯᠡ ᠶᠠᠪᠤᠴᠠ ᠶ᠋ᠢ ᠳᠡᠮᠵᠢᢈᠦ;
  • ᠴᠢᠨᠠᠷᠲᠠᠢ ᠳᠡᢉᠡᠳᠦ ᠪᠣᠯᠪᠠᠰᠤᠷᠠᠯ ᠢ᠋ ᠲᠡᢉᠰᠢ᠂ ᢈᠦᠷᠲᠡᢉᠡᠮᠵᠢᠲᠡᠢ ᠡᠵᠡᠮᠰᠢᢈᠦ ᠪᠣᠯᠤᠮᠵᠢ ᠶ᠋ᠢ ᠡᠷᠳᠡᠮ ᠦ᠋ᠨ ᠵᠡᠷᢉᠡ ᠶ᠋ᠢ ᢈᠦᠯᠢᠶᠡᠨ ᠵᠥᠪᠰᠢᠶᠡᠷᠡᢈᠦ ᠵᠠᠮ ᠢ᠋ᠶᠠᠷ ᠳᠡᠮᠵᠢᢈᠦ᠂ ᠳᠦᠷᠪᠡᢉᠰᠡᠳ ᠪᠠ ᠰᠢᠯᠵᠢᠨ ᠰᠠᠭᠤᠷᠢᠰᠢᠭᠰᠠᠨ ᠡᠲᠡᢉᠡᠳ ᠢ᠋ ᠣᠷᠤᠯᠴᠠᠭᠤᠯᠤᠨ ᠪᠦᢈᠦ ᢈᠦᠮᠦᠨ ᠳ᠋ᠦ ᠨᠠᠰᠤᠨ ᠲᠤᠷᠰᠢ ᠶ᠋ᠢᠨ ᠰᠤᠷᠭᠠᠯᠲᠠ ᠶ᠋ᠢᠨ ᠪᠣᠯᠤᠮᠵᠢ ᠶ᠋ᠢ ᠪᠦᠷᠢᠳᠦᢉᠦᠯᢈᠦ;
  • ᠲᠣᠭᠲᠠᠪᠤᠷᠢᠲᠠᠢ ᢈᠥᢉᠵᠢᠯ ᠦ᠋ᠨ ᠲᠥᠯᠦᢉᠡ ᠪᠣᠯᠪᠠᠰᠤᠷᠠᠯ ᠢ᠋ ᠳᠡᠮᠵᠢᢈᠦ ᠡᢉᠦᠳᠡ ᠡᠴᠡ ᢈᠦᠮᠦᠨ ᠦ᠋ ᠨᠥᢉᠡᠴᠡ ᠪᠣᠯᠤᠨ ᠪᠣᠯᠪᠠᠰᠤᠷᠠᠯ ᠤ᠋ᠨ ᠨᠥᢉᠡᠴᠡ ᠶ᠋ᠢ ᠣᠨᠤᠪᠴᠢᠲᠠᠢ ᠠᠰᠢᠭᠯᠠᠬᠤ ᠶ᠋ᠢ ᠳᠡᠮᠵᠢᠵᠦ᠂ ᠪᠦᢈᠦ ᠣᠷᠤᠨ ᠤ᠋ ᠵᠣᢈᠢᠶᠠᠨ ᠪᠠᠶᠢᠭᠤᠯᠤᠯᠲᠠ ᠶ᠋ᠢᠨ ᠪᠦᠲᠦᠴᠡ᠂ ᠡᠳ᠋ ᠦ᠋ᠨ ᠵᠠᠰᠠᠭ᠂ ᠲᠧᠻᠨᠣᠯᠣᢉᠢ᠂ ᠰᠣᠶᠤᠯ᠂ ᠠᠷᠠᠳᠴᠢᠯᠠᠯ᠂ ᠨᠡᠶᠢᢉᠡᠮ ᠦ᠋ᠨ ᢈᠥᢉᠵᠢᠯ ᠳ᠋ᠦ ᠬᠤᠪᠢ ᠨᠡᠮᠡᠷᠢ ᠣᠷᠤᠭᠤᠯᠬᠤ ᠵᠡᠷᢉᠡ ᠪᠣᠯᠤᠨ᠎ᠠ᠃

 

«ᠳᠡᢉᠡᠳᠦ ᠪᠣᠯᠪᠠᠰᠤᠷᠠᠯ ᠳ᠋ᠤ ᠬᠠᠮᠢᠶᠠᠷᠬᠤ ᠡᠷᠳᠡᠮ ᠦ᠋ᠨ ᠵᠡᠷᢉᠡ ᠶ᠋ᠢ ᢈᠦᠯᠢᠶᠡᠨ ᠵᠥᠪᠰᠢᠶᠡᠷᠡᢈᠦ ᠲᠤᠬᠠᠢ ᠳᠡᠯᠡᢈᠡᠢ ᠳᠠᢈᠢᠨ ᠤ᠋ ᠻᠣᠨ᠋ᠸᠧᠨ᠋ᠼ»᠆ ᠢ᠋ᠶᠠᠷ ᠳᠣᠣᠷ᠎ᠠ ᠳᠤᠷᠠᠳᠤᠭᠰᠠᠨ ᠵᠠᠷᠴᠢᠮ ᠢ᠋ ᠪᠠᠷᠢᠮᠲᠠᠯᠠᠬᠤ ᠪᠠᠷ ᠵᠢᠭᠠᠭᠰᠠᠨ᠃ ᠡᢉᠦᠨ ᠳ᠋ᠦ:

  1. ᠬᠤᠪᠢ ᢈᠦᠮᠦᠨ ᠦ᠋ ᠳᠡᢉᠡᠳᠦ ᠪᠣᠯᠪᠠᠰᠤᠷᠠᠯ ᠡᠵᠡᠮᠰᠢᢈᠦ ᠡᠷᢉᠦᠳᠡᠯ ᠭᠠᠷᠭᠠᠬᠤ᠂ ᠡᠰᠡᢈᠦᠯ ᠡ᠋ ᠠᠵᠢᠯ ᢈᠥᠳᠡᠯᠮᠦᠷᠢ ᠡᠷᢈᠢᠯᠡᢈᠦ ᠵᠣᠷᠢᠯᠭ᠎ᠠ ᠪᠠᠷ ᠥᠪᠡᠷ ᠦ᠋ᠨ ᠪᠣᠯᠪᠠᠰᠤᠷᠠᠯ ᠤ᠋ᠨ ᠵᠡᠷᢉᠡ ᠳ᠋ᠦ ᠦᠨᠡᠯᠡᢉᠡ ᢈᠢᠯᢉᠡᢈᠦ ᠡᠷᢈᠡ ᠲᠡᠢ; 
  2. ᠡᠷᠳᠡᠮ ᠦ᠋ᠨ ᠵᠡᠷᢉᠡ ᠶ᠋ᠢ ᢈᠦᠯᠢᠶᠡᠨ ᠵᠥᠪᠰᠢᠶᠡᠷᠡᢈᠦ ᠦᠢᠯᠡ ᠶᠠᠪᠤᠴᠠ ᠨᠢ ᠤᠯᠤᠰ ᠪᠦᠷᠢ ᠶ᠋ᠢᠨ ᠳᠦᠷᠢᠮ᠂ ᠵᠢᠷᠤᠮ ᠤ᠋ᠨ ᠳᠠᠭᠠᠭᠤ ᠢᠯᠡ ᠲᠣᠳᠤ᠂ ᠰᠢᠳᠤᠷᠭᠤ᠂ ᠴᠠᠭ ᠦᠶ᠎ᠡ ᠪᠡᠨ ᠣᠯᠤᠭᠰᠠᠨ᠂ ᠠᠯᠠᠭᠴᠢᠯᠠᠯ ᠠ᠋ᠴᠠ ᠠᠩᢉᠢᠳᠠ ᠪᠠᠶᠢᠬᠤ ᠠ᠋ᠴᠠ ᠭᠠᠳᠠᠨ᠎ᠠ ᢈᠢᠮᠳᠠ ᠥᠷᠲᠡᢉ ᠲᠡᠢ ᠪᠠᠶᠢᠬᠤ;
  3. ᢈᠦᠯᠢᠶᠡᠨ ᠵᠥᠪᠰᠢᠶᠡᠷᠡᢈᠦ ᠲᠤᠬᠠᠢ ᠰᠢᠢᠳᠪᠦᠷᠢ ᠨᠢ ᠢᠲᠡᢉᠡᠯᠴᠡᠯ᠂ ᠲᠣᠳᠤᠷᠬᠠᠢ ᠰᠢᠯᠭᠠᠭᠤᠷ ᠪᠣᠯᠤᠨ ᠰᠢᠳᠤᠷᠭᠤ᠂ ᠢᠯᠡ ᠲᠣᠳᠤ᠂ ᠠᠯᠠᠭᠴᠢᠯᠠᠯ ᠠ᠋ᠴᠠ ᠠᠩᢉᠢ ᠳ᠋ᠤ ᠪᠠᠶᠢᠵᠤ᠂ ᠳᠡᢉᠡᠳᠦ ᠪᠣᠯᠪᠠᠰᠤᠷᠠᠯ ᠤ᠋ᠨ ᠲᠡᢉᠰᠢ ᢈᠦᠷᠲᠡᢉᠡᠮᠵᠢᠲᠡᠢ ᠪᠠᠶᠢᠳᠠᠯ ᠪᠣᠯ ᢈᠥᠳᠡᠯᠮᠦᠷᠢ ᠡᠷᢈᠢᠯᠡᢈᠦ ᠪᠣᠯᠤᠮᠵᠢ ᠶ᠋ᠢ ᠨᠡᢉᠡᢉᠡᢉᠰᠡᠨ ᠨᠡᠶᠢᠲᠡ ᠶ᠋ᠢᠨ ᠰᠠᠶᠢᠨ ᠰᠠᠶᠢᠬᠠᠨ ᠤ᠋ ᠲᠥᠯᠦᢉᠡ ᠦᠶᠢᠯᠡ ᢈᠡᠷᠡᢉ ᠮᠥᠨ ᠪᠣᠯᠬᠤ ᠶ᠋ᠢᠨ ᠴᠢᠬᠤᠯᠠ ᠶ᠋ᠢ ᠣᠨᠴᠠᠯᠠᠭᠰᠠᠨ ᠪᠠᠶᠢᠬᠤ;
  4. ᢈᠦᠯᠢᠶᠡᠨ ᠵᠥᠪᠰᠢᠶᠡᠷᠡᢈᠦ ᠲᠤᠬᠠᠢ ᠰᠢᠢᠳᠪᠦᠷᠢ ᠨᠢ ᠳᠡᢉᠡᠳᠦ ᠪᠣᠯᠪᠠᠰᠤᠷᠠᠯ ᠤ᠋ᠨ ᠲᠣᠭᠲᠠᠯᠴᠠᠭ᠎ᠠ᠂ ᠪᠠᠶᠢᠭᠤᠯᠤᠯᠭ᠎ᠠ᠂ ᢈᠥᠲᠦᠯᠪᠦᠷᠢ᠂ ᠴᠢᠨᠠᠷ ᠤ᠋ᠨ ᠪᠠᠲᠤᠯᠠᠭ᠎ᠠ ᠣᠯᠭᠤᠬᠤ ᠮᠧᠬᠠᠨᠢᠰᠮ ᠤ᠋ᠨ ᠲᠠᠯᠠᠭᠠᠷᢈᠢ ᠵᠣᢈᠢᠰᠲᠠᠢ᠂ ᠨᠠᠶᠢᠳᠠᠪᠤᠷᠢᠲᠠᠢ᠂ ᢈᠦᠷᠲᠡᢉᠡᠮᠵᠢ ᠲᠡᠢ᠂ ᠣᠷᠴᠢᠨ ᠦᠶ᠎ᠡ ᠶ᠋ᠢᠨ ᠮᠡᠳᠡᢉᠡᠯᠡᠯ ᠳ᠋ᠦ ᠦᠨᠳᠦᠰᠦᠯᠡᠵᠦ᠂ ᠡᠳᠡᢉᠡᠷ ᠮᠡᠳᠡᢉᠡᠯᠡᠯ ᠢ᠋ ᠤᠯᠤᠰ ᠣᠷᠤᠨ ᠨᠤᠭᠤᠳ ᠤ᠋ᠨ ᠡᠷᢈᠡ ᠪᠦᢈᠦᠢ ᠪᠠᠶᠢᠭᠤᠯᠤᠯᠭ᠎ᠠ᠂ ᠦᠨᠳᠦᠰᠦᠨ ᠦ᠋ ᠠᠯᠪᠠᠨ ᠶᠣᠰᠤᠨ ᠤ᠋ ᠮᠡᠳᠡᢉᠡᠯᠡᠯ ᠦ᠋ᠨ ᠲᠥᠪ᠂ ᠡᠰᠡᢈᠦᠯ ᠡ᠋ ᠲᠡᠳᠡᢉᠡᠷ ᠲᠡᠢ ᠢᠵᠢᠯ ᠲᠥᠰ ᠲᠡᠢ ᠪᠠᠶᠢᠭᠤᠯᠤᠯᠭ᠎ᠠ ᠠ᠋ᠴᠠ ᢈᠦᠯᠢᠶᠡᠨ ᠠᠪᠤᠭᠰᠠᠨ ᠪᠠᠶᠢᠬᠤ;  
  5. ᢈᠦᠯᠢᠶᠡᠨ ᠵᠥᠪᠰᠢᠶᠡᠷᠡᢈᠦ ᠲᠤᠬᠠᠢ ᠰᠢᠢᠳᠪᠦᠷᠢ ᠶ᠋ᠢ ᠳᠡᠯᠡᢈᠡᠢ ᠳᠠᢈᠢᠨ ᠤ᠋ ᠳᠡᢉᠡᠳᠦ ᠪᠣᠯᠪᠠᠰᠤᠷᠠᠯ ᠤ᠋ᠨ ᠲᠣᠭᠲᠠᠯᠴᠠᠭᠠᠨ ᠤ᠋ ᠢᠯᠭᠠᠭ᠎ᠠ ᠲᠠᠢ ᠪᠠᠶᠢᠳᠠᠯ ᠢ᠋ ᠬᠠᠷᠠᠭᠠᠯᠵᠠᠨ ᠦᠵᠡᢉᠰᠡᠨ ᠪᠠᠶᠢᠬᠤ;
  6. ᢈᠦᠯᠢᠶᠡᠨ ᠵᠥᠪᠰᠢᠶᠡᠷᠡᢈᠦ ᠦᠨᠡᠯᠡᢉᠡ ᢈᠢᢈᠦ ᠡᠷᢈᠡ ᠪᠦᢈᠦᠢ ᠪᠠᠶᠢᠭᠤᠯᠤᠯᠭ᠎ᠠ ᠨᠢ ᠰᠢᠢᠳᠪᠦᠷᠢ ᠶ᠋ᠢ ᠰᠢᠳᠤᠷᠭᠤ ᠪᠠᠷ ᠭᠠᠷᠭᠠᠵᠤ᠂ ᠰᠢᠢᠳᠪᠦᠷᠢ ᠶ᠋ᠢᠨ ᠢ᠋ᠶᠡᠨ ᠦᠨᠳᠦᠰᠦᠯᠡᠯ ᠢ᠋ ᠲᠣᠳᠤᠷᠬᠠᠢ ᠲᠠᠶᠢᠯᠪᠤᠷᠢᠯᠠᠨ᠂ ᠰᠢᠢᠳᠪᠦᠷᠢ ᠳ᠋ᠦ ᠭᠣᠮᠤᠳᠠᠯ ᠭᠠᠷᠭᠠᠬᠤ ᠵᠣᢈᠢᠴᠠᠭᠤᠯᠤᠯᠲᠠ ᠶ᠋ᠢ ᠲᠣᠭᠲᠠᠭᠠᠭᠰᠠᠨ ᠪᠠᠶᠢᠬᠤ;
  7. ᠡᠷᠳᠡᠮ ᠦ᠋ᠨ ᠵᠡᠷᢉᠡ ᠪᠡᠨ ᢈᠦᠯᠢᠶᠡᠨ ᠵᠥᠪᠰᠢᠶᠡᠷᠡᢉᠦᠯᢈᠦ ᠪᠡᠷ ᠡᠷᢉᠦᠳᠡᠯ ᠭᠠᠷᠭᠠᠭᠴᠢ ᠨᠢ ᠡᠵᠡᠮᠰᠢᢉᠰᠡᠨ ᠡᠷᠳᠡᠮ ᠦ᠋ᠨ ᠵᠡᠷᢉᠡ ᠶ᠋ᠢᠨ ᠢ᠋ᠶᠡᠨ ᠲᠠᠯᠠᠭᠠᠷ ᠵᠣᢈᠢᠬᠤ ᠶᠣᠰᠤᠨ ᠤ᠋᠂ ᠦᠨᠡᠨ ᠵᠥᠪ ᠮᠡᠳᠡᢉᠡᠯᠡᠯ᠂ ᠪᠢᠴᠢᢉ ᠪᠠᠷᠢᠮᠲᠠ ᠶ᠋ᠢ ᠰᠢᠳᠤᠷᠭᠤ ᠪᠠᠷ ᠪᠦᠷᠢᠳᠦᢉᠦᠯᠵᠦ ᠥᢉᠴᠦ᠂ ᠬᠣᠯᠪᠤᠭᠳᠠᠬᠤ ᠰᠢᠢᠳᠪᠦᠷᠢ ᠶ᠋ᠢᠨ ᠲᠠᠯ ᠠ᠋ ᠪᠠᠷ ᠭᠣᠮᠤᠳᠠᠯ ᠭᠠᠷᠭᠠᠬᠤ ᠡᠷᢈᠡ ᠲᠡᠢ ᠪᠠᠶᠢᠬᠤ;
  8. ᠣᠷᠤᠯᠴᠠᠭᠴᠢ ᠤᠯᠤᠰ ᠣᠷᠤᠨ ᠨᠤᠭᠤᠳ ᠤ᠋ᠨ ᠬᠣᠭᠤᠷᠤᠨᠳᠤ ᠣᠷᠴᠢᠨ ᠦᠶ᠎ᠡ ᠶ᠋ᠢᠨ ᠲᠧᠻᠨᠣᠯᠣᢉᠢ ᠪᠣᠯᠤᠨ ᠮᠡᠳᠡᢉᠡᠯᠡᠯ ᠰᠣᠯᠢᠯᠴᠠᠬᠤ ᠰᠦᠯᠵᠢᠶ᠎ᠡ ᠶ᠋ᠢ ᠠᠰᠢᠭᠯᠠᠬᠤ ᠶ᠋ᠢ ᠳᠡᠮᠵᠢᠵᠦ᠂ ᠳᠡᢉᠡᠳᠦ ᠪᠣᠯᠪᠠᠰᠤᠷᠠᠯ ᠤ᠋ᠨ ᠡᠷᠳᠡᠮ ᠦ᠋ᠨ ᠵᠡᠷᢉᠡ ᠲᠡᠢ ᠬᠣᠯᠪᠤᠭ᠎ᠠ ᠲᠠᠢ ᠪᠦᢈᠦ ᢈᠡᠯᠪᠡᠷᠢ ᠶ᠋ᠢᠨ ᠬᠠᠭᠤᠷᠤᠨ ᠮᠡᢈᠡᠯᠡᢈᠦ ᠦᠶᠢᠯᠡᠳᠦᠯ ᠢ᠋ ᠤᠰᠠᠳᠬᠠᠬᠤ ᠠᠷᠭ᠎ᠠ ᢈᠡᠮᠵᠢᠶ᠎ᠡ ᠠᠪᠬᠤ ᠡᢉᠦᠷᢉᠡ ᢈᠦᠯᠢᠶᠡᢈᠦ ᠵᠡᠷᢉᠡ ᠶᠣᠮ᠃