Хаах

ᠶᠡᢈᠡ᠂ ᠳᠡᢉᠡᠳᠦ ᠰᠤᠷᠭᠠᠭᠤᠯᠢ ᠨᠤᠭᠤᠳ ᠤ᠋ᠨ ᠠᠻᠠᠳ᠋ᠸᠮᠢᠻ ᠡᠷᢈᠡ ᠴᠢᠯᠦᢉᠡ ᠶ᠋ᠢ ᠬᠠᠩᠭᠠᠵᠤ᠂ ᠥᠮᠴᠢ ᠶ᠋ᠢᠨ ᢈᠡᠯᠪᠡᠷᠢ ᠬᠠᠷᠠᠭᠠᠯᠵᠠᠯ ᠦᢉᠡᠢ ᠪᠡᠷ ᠳᠡᠮᠵᠢᠨ ᠠᠵᠢᠯᠯᠠᠨ᠎ᠠ

A- A A+
ᠶᠡᢈᠡ᠂ ᠳᠡᢉᠡᠳᠦ ᠰᠤᠷᠭᠠᠭᠤᠯᠢ ᠨᠤᠭᠤᠳ ᠤ᠋ᠨ ᠠᠻᠠᠳ᠋ᠸᠮᠢᠻ ᠡᠷᢈᠡ ᠴᠢᠯᠦᢉᠡ ᠶ᠋ᠢ ᠬᠠᠩᠭᠠᠵᠤ᠂ ᠥᠮᠴᠢ ᠶ᠋ᠢᠨ ᢈᠡᠯᠪᠡᠷᠢ ᠬᠠᠷᠠᠭᠠᠯᠵᠠᠯ ᠦᢉᠡᠢ ᠪᠡᠷ ᠳᠡᠮᠵᠢᠨ ᠠᠵᠢᠯᠯᠠᠨ᠎ᠠ

ᠥᠩᢉᠡᠷᠡᢉᠰᠡᠨ ᠨᠠᠢᠮᠠᠳᠤᠭᠠᠷ ᠰᠠᠷ᠎ᠠ ᠳ᠋ᠤ ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠮᠣᠩᠭᠣᠯ ᠤ᠋ᠨ ᠬᠤᠪᠢ ᠶ᠋ᠢᠨ ᠶᠡᢈᠡ ᠳᠡᢉᠡᠳᠦ ᠰᠤᠷᠭᠠᠭᠤᠯᠢ ᠨᠤᠭᠤᠳ ᠤ᠋ᠨ ᠬᠣᠯᠪᠤᠭᠠᠨ ᠤ᠋ ᠲᠥᠯᠦᢉᠡᠯᠡᠯ ᠲᠡᠢ ᠠᠭᠤᠯᠵᠠᠬᠤ ᠦᠶ᠎ᠡ ᠪᠡᠷ ᠶᠠᠷᠢᠯᠴᠠᠭᠰᠠᠨ ᠤ᠋ ᠳᠠᠭᠠᠭᠤ ᠨᠢᢉᠡᠳᠦᢉᠰᠡᠨ ᠪᠠᠶᠢᠳᠠᠯ ᠢ᠋ᠶᠠᠷ ᠪᠦᢈᠦ ᠬᠤᠪᠢ ᠶ᠋ᠢᠨ ᠶᠡᢈᠡ᠂ ᠳᠡᢉᠡᠳᠦ ᠰᠤᠷᠭᠠᠭᠤᠯᠢ ᠶ᠋ᠢᠨ ᠤᠳᠤᠷᠢᠳᠤᠯᠭ᠎ᠠ ᠨᠤᠭᠤᠳ ᠲᠠᠢ ᠠᠭᠤᠯᠵᠠᠯ᠎ᠠ᠃

ᠬᠤᠪᠢ ᠶ᠋ᠢᠨ ᠶᠡᢈᠡ᠂ ᠳᠡᢉᠡᠳᠦ ᠰᠤᠷᠭᠠᠭᠤᠯᠢ ᠶ᠋ᠢᠨ ᠤᠳᠤᠷᠢᠳᠤᠯᠭ᠎ᠠ ᠨᠤᠭᠤᠳ ᠲᠤᠯᠭᠠᠮᠳᠠᠵᠤ ᠪᠤᠢ ᠠᠰᠠᠭᠤᠳᠠᠯ ᠤ᠋ᠳ ᠢ᠋ᠶᠠᠨ ᢈᠡᠯᠡᠯᠴᠡᠨ ᠨᠢᢉᠡᠳᢈᠡᠵᠦ᠂ ᠲᠥᠷᠦ ᠶ᠋ᠢᠨ ᠳᠡᢉᠡᠳᠦ ᠪᠣᠯᠪᠠᠰᠤᠷᠠᠯ ᠤ᠋ᠨ ᠰᠠᠯᠪᠤᠷᠢ ᠳ᠋ᠠᢈᠢ ᠣᠷᠤᠯᠴᠠᠭ᠎ᠠ ᠳᠡᠮᠵᠢᠯᢉᠡ ᠪᠣᠯᠤᠨ ᠡᠷᢈᠡ ᠵᠦᠢ ᠶ᠋ᠢᠨ ᠣᠷᠴᠢᠨ᠂ ᠡᠯᠰᠡᠯᠲᠡ ᠶ᠋ᠢᠨ ᠪᠣᠰᠣᠭ᠋ ᠠ᠋᠂ ᠳᠡᢉᠡᠳᠦ ᠪᠣᠯᠪᠠᠰᠤᠷᠠᠯ ᠤ᠋ᠨ ᠪᠠᠶᠢᠭᠤᠯᠤᠯᠭ᠎ᠠ ᠨᠤᠭᠤᠳ ᠤ᠋ᠨ ᠡᠷᠢᠮᠪᠡ᠂ ᠪᠠᠭᠰᠢ ᠶ᠋ᠢᠨ ᢈᠥᢉᠵᠢᠯ ᠪᠣᠯᠤᠨ ᠨᠡᠶᠢᢉᠡᠮ ᠦ᠋ᠨ ᠪᠠᠲᠤᠯᠠᠭ᠎ᠠ ᢉᠡᠰᠡᠨ ᠴᠢᢉᠯᠡᠯ ᠦ᠋ᠳ ᠢ᠋ᠶᠡᠷ ᠰᠠᠨᠠᠯ ᢈᠦᠰᠡᠯᠲᠡ ᠪᠡᠨ ᠢᠯᠡᠷᢈᠡᠶᠢᠯᠡᠪᠡ᠃ ᠲᠤᠬᠠᠶᠢᠯᠠᠪᠠᠯ᠂ ᠶᠡᢈᠡ᠂ ᠳᠡᢉᠡᠳᠦ ᠰᠤᠷᠭᠠᠭᠤᠯᠢ ᠶ᠋ᠢᠨ ᠣᠨᠴᠠᠯᠢᠭ ᠢ᠋ ᠬᠠᠷᠠᠭᠠᠯᠵᠠᠵᠤ ᠦᠨᠡᠯᠡᢈᠦ ᠵᠠᠮ ᠢ᠋ᠶᠠᠷ ᠡᠷᠢᠮᠪᠡ ᠲᠣᠭᠲᠠᠭᠠᠬᠤ᠂ ᠲᠥᠷᠦ ᠶ᠋ᠢᠨ ᠵᠦᢉ ᠡᠴᠡ ᠥᠮᠴᠢ ᠶ᠋ᠢᠨ ᢈᠡᠯᠪᠡᠷᠢ ᠶ᠋ᠢ ᠢᠯᠠᠭᠠᠬᠤ ᠦᢉᠡᠢ ᠪᠡᠷ ᠠᠳᠠᠯᠢ ᠲᠡᢉᠰᠢ ᠪᠣᠳᠤᠯᠭ᠎ᠠ ᢈᠡᠷᠡᢉᠵᠢᢉᠦᠯᢈᠦ᠂ ᠰᠠᠯᠪᠤᠷᠢ ᠳ᠋ᠤ ᢈᠡᠷᠡᢉᠵᠢᠵᠦ ᠪᠤᠢ ᠬᠠᠤᠯᠢ ᠨᠤᠭᠤᠳ ᠲᠤ ᠥᢉᠡᠷᠡᠴᠢᠯᠡᠯᠲᠡ ᠣᠷᠤᠭᠤᠯᠬᠤ ᠱᠠᠭᠠᠷᠳᠠᠯᠭ᠎ᠠ ᠲᠠᠢ ᢉᠡᠯ᠎ᠡ᠃

ᠪᠣᠯᠪᠠᠰᠤᠷᠠᠯ ᠤ᠋ᠨ ᠰᠠᠶᠢᠳ ᠫᠦ‍᠂ ᠨᠠᠷᠠᠨᠪᠠᠶᠠᠷ ᠶᠡᢈᠡ᠂ ᠳᠡᢉᠡᠳᠦ ᠰᠤᠷᠭᠠᠭᠤᠯᠢ ᠨᠤᠭᠤᠳ ᠤ᠋ᠨ ᠠᠻᠠᠳ᠋ᠸᠮᠢᠻ ᠡᠷᢈᠡ ᠴᠢᠯᠦᢉᠡ ᠶ᠋ᠢ ᠬᠠᠩᠭᠠᠵᠤ᠂ ᠥᠮᠴᠢ ᠶ᠋ᠢᠨ ᢈᠡᠯᠪᠡᠷᠢ ᠬᠠᠷᠠᠭᠠᠯᠵᠠᠯ ᠦᢉᠡᠢ ᠪᠡᠷ ᠳᠡᠮᠵᠢᠨ ᠠᠵᠢᠯᠯᠠᠬᠤ ᠪᠠᠨ ᠣᠨᠴᠠᠯᠠᠵᠤ᠂ ᠳᠡᢉᠡᠳᠦ ᠪᠣᠯᠪᠠᠰᠤᠷᠠᠯ ᠤ᠋ᠨ ᠪᠠᠶᠢᠭᠤᠯᠤᠯᠭ᠎ᠠ ᠨᠤᠭᠤᠳ ᠤ᠋ᠨ ᠣᠨᠴᠠᠯᠢᠭ᠂ ᠴᠢᢉᠯᠡᠯ ᠢ᠋ ᠬᠠᠷᠠᠭᠠᠯᠵᠠᠨ ᠠᠩᢉᠢᠯᠠᠬᠤ ᠪᠠᠶᠢᠳᠠᠯ ᠢ᠋ᠶᠠᠷ ᢈᠥᠨᠳᠡᠯᠡᠨ ᠦ᠋ ᠪᠠᠶᠢᠭᠤᠯᠤᠯᠭ᠎ᠠ ᠪᠠᠷ ᠡᠷᠢᠮᠪᠡ ᠲᠣᠭᠲᠠᠭᠠᠯᠭᠠᠬᠤ᠂ ᠡᠯᠰᠡᠯᠲᠡ ᠶ᠋ᠢᠨ ᠪᠣᠰᠣᠭ᠋ ᠠ᠋ ᠶ᠋ᠢ ᠦᠶ᠎ᠡ ᠱᠠᠲᠤ ᠲᠠᠢ ᠪᠠᠷ ᠥᠰᢈᠡᠨ ᠡᠯᠰᠡᢉᠴᠢᠳ ᠢ᠋ ᠴᠢᠨᠠᠷᠵᠢᠭᠤᠯᠬᠤ ᠪᠣᠳᠤᠯᠭ᠎ᠠ ᠪᠠᠷᠢᠮᠲᠠᠯᠠᠨ᠎ᠠ ᢈᠡᠮᠡᠪᠡ᠃ ᠮᠥᠨ ᠪᠦᢈᠦ ᠰᠠᠨᠠᠯ ᢈᠦᠰᠡᠯᠲᠡ ᠳ᠋ᠦ ᠬᠠᠷᠢᠭᠤ ᠥᢉᠴᠦ᠂ ᠨᠢᢉᠡᠳᢈᠡᠵᠦ ᠡᠷᠢᠮᠪᠡᠯᠡᠨ ᠦᠶ᠎ᠡ ᠱᠠᠲᠤ ᠲᠠᠢ ᠪᠠᠷ ᠰᠢᠢᠳᠪᠦᠷᠢᠯᠡᢈᠦ ᠪᠡᠨ ᢈᠡᠯᠡᠯ᠎ᠡ᠃