ᠪᠣᠯᠪᠠᠰᠤᠷᠠᠯ ᠤ᠋ᠨ ᠶᠠᠮᠤᠨ “Google for education” ᢈᠥᠲᠦᠯᠪᠦᠷᠢ ᠲᠡᠢ ᠬᠠᠮᠲᠤᠷᠠᠨ ᢈᠡᠷᠡᢉᠵᠢᢉᠦᠯᢈᠦ 《ᠠᠯᠪᠦ᠋ᠰ》 ᠰᠤᠳᠤᠯᠭᠠᠨ ᠤ᠋ ᠲᠥᠰᠦᠯ ᠦ᠋ᠨ ᠨᠡᢉᠡᢉᠡᠯᠲᠡ ᠪᠣᠯᠤᠯ ᠠ᠃ ᠦᠶᠢᠯᠡ ᠠᠵᠢᠯᠯᠠᠭᠠ ᠶ᠋ᠢ ᠨᠡᢉᠡᢉᠡᠵᠦ ᠪᠣᠯᠪᠠᠰᠤᠷᠠᠯ ᠤ᠋ᠨ ᠶᠠᠮᠤᠨ ᠤ᠋ ᠲᠥᠷᠦ ᠶ᠋ᠢᠨ ᠨᠠᠷᠢᠨ ᠪᠢᠴᠢᢉ ᠦ᠋ᠨ ᠳᠠᠷᠤᠭᠠ ᠬᠠ᠊᠂ ᠪᠠᠲᠤᠵᠢᠷᠭᠠᠯ ᠦᢉᠡ ᢈᠡᠯᠡᠨ᠂ “Google” ᠻᠣᠮᠫᠠᠨᠢ ᠶ᠋ᠢᠨ ᠮᠣᠩᠭᠣᠯ ᠳ᠋ᠠᢈᠢ ᠰᠠᠭᠤᠷᠢᠨ ᠲᠥᠯᠦᢉᠡᠯᠡᢉᠴᠢ ᠡ᠊᠂ ᠥᠰᢈᠦᠪᠠᠶᠠᠷ ᠲᠥᠰᠦᠯ ᠦ᠋ᠨ ᠲᠠᠯ ᠠ ᠪᠠᠷ ᠲᠠᠨᠢᠯᠴᠠᠭᠤᠯᠪᠠ᠃
ᠮᠣᠩᠭᠤᠯ ᠤᠯᠤᠰ ᠨᠢ “Google for education” ᢈᠥᠲᠦᠯᠪᠦᠷᠢ ᢈᠡᠷᠡᢉᠵᠢᠵᠦ ᠪᠤᠢ ᠒᠔ ᠳ᠋ᠡᢈᠢ ᠣᠷᠤᠨ ᠪᠥᢉᠡᠳ 《ᠠᠯᠪᠦ᠋ᠰ》 ᠰᠤᠳᠤᠯᠭᠠᠨ ᠤ᠋ ᠲᠥᠰᠦᠯ ᠦ᠋ᠨ ᢈᠦᠷᠢᠶᠡᠨ ᠳ᠋ᠦ ᠴᠠᢈᠢᠮ ᠪᠣᠯᠪᠠᠰᠤᠷᠠᠯ ᠤ᠋ᠨ ᠦᠷᠡ ᠳ᠋ᠦᠩ ᠢ᠋ ᠮᠣᠩᠭᠣᠯ ᢈᠡᠦᢈᠡᠳ ᠦ᠋ᠳ ᠦ᠋ᠨ ᠰᠤᠷᠬᠤ ᠠᠷᠭᠠ ᠪᠠᠷᠢᠯ᠂ ᠣᠨᠴᠠᠯᠢᠭ ᠲᠤ ᠲᠣᢈᠢᠷᠠᠭᠤᠯᠤᠨ ᠰᠤᠳᠤᠯᠤᠨᠠ᠃ ᠲᠥᠰᠦᠯ ᠦ᠋ᠨ ᠡᢈᠢᠨ ᠦ᠋ ᠱᠠᠲᠤ ᠶ᠋ᠢ ᠨᠡᠶᠢᠰᠯᠡᠯ ᠡᠴᠡ ᠡᢈᠢᠯᠡᢉᠦᠯᠵᠦ᠂ ᠮᠤ᠊᠂ ᠤ᠊᠂ ᠪᠤ᠊᠂ ᠶᠡ᠊᠂ ᠰᠤ᠊᠂ ᠦ᠋ᠨ ᠬᠠᠷᠢᠶᠠ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠪᠠᠭᠰᠢ ᠨᠠᠷ ᠪᠣᠯᠤᠨ ᠨᠢᢉᠡ ᠠᠩᢉᠢ ᠶ᠋ᠢᠨ ᠰᠤᠷᠤᠭᠴᠢᠳ ᠢ᠋ ᠬᠠᠮᠤᠷᠤᠭᠤᠯᠤᠨ᠂ ᠾᠷᠤᠮᠪᠦᠻ᠂ ᠢᠨ᠋ᠲ᠋ᠧᠷᠨᠧᠲ ᠦ᠋ᠨ ᠳᠡᠳ᠋ ᠪᠦᠲᠦᠴᠡ ᠪᠡᠷ ᠬᠠᠩᠭᠠᠵᠤ ᠪᠠᠶᠢᠨᠠ᠃ ᠢᠷᠡᢈᠦ ᠣᠨ ᠤ᠋ ᠬᠣᠶᠠᠳᠤᠭᠠᠷ ᠰᠠᠷᠠ ᢈᠦᠷᠲᠡᠯᠡ ᢈᠢᠴᠢᠶᠡᠯ ᠰᠤᠷᠭᠠᠯᠲᠠ ᠶ᠋ᠢᠨ ᠦᠶᠢᠯᠡ ᠠᠵᠢᠯᠯᠠᠭᠠ ᠶ᠋ᠢ ᠴᠠᢈᠢᠮ ᢈᠡᠷᠡᢉᠯᠡᢉᠳᠡᢈᠦᠨ ᠠᠰᠢᠭᠯᠠᠨ ᠵᠣᢈᠢᠶᠠᠨ ᠪᠠᠶᠢᠭᠤᠯᠵᠤ᠂ ᠬᠠᠷᠢᠴᠠᠭᠤᠯᠤᠯᠲᠠ ᢈᠢᢈᠦ ᠶᠤᠮ᠃ ᠴᠢᠨᠠᠭᠰᠢᠯᠠᠭᠠᠳ II ᠱᠠᠲᠤ ᠶ᠋ᠢ ᢈᠥᠳᠡᢉᠡ᠂ ᠣᠷᠤᠨ ᠨᠤᠲᠤᠭ ᠤ᠋ᠨ ᠰᠤᠷᠭᠠᠭᠤᠯᠢ ᠳ᠋ᠤ ᢈᠡᠷᠡᢉᠵᠢᢉᠦᠯᢈᠦ ᠪᠡᠷ ᠲᠥᠯᠦᠪᠯᠡᠵᠦ ᠪᠠᠶᠢᠭᠠ ᠶ᠋ᠢ ᠲᠥᠰᠦᠯ ᠦ᠋ᠨ ᠬᠠᠮᠲᠤ ᠣᠯᠠᠨ ᠮᠡᠳᠡᢉᠡᠯᠡᠯ ᠡ᠃
ᠴᠠᢈᠢᠮ ᠪᠣᠯᠪᠠᠰᠤᠷᠠᠯ ᠢ᠋ᠶᠠᠷ ᠳᠠᠮᠵᠢᠭᠤᠯᠤᠨ ᠪᠣᠯᠪᠠᠰᠤᠷᠠᠯ ᠤ᠋ᠨ ᠲᠡᢉᠰᠢ ᢈᠦᠷᠲᠡᢉᠡᠮᠵᠢ ᠶ᠋ᠢ ᠪᠤᠢ ᠪᠣᠯᠭᠠᠬᠤ ᠠᠵᠢᠯ ᠡᠷᠴᠢᠮᠵᠢᠵᠦ ᠪᠤᠢ ᠶ᠋ᠢ ᠪᠣᠯᠪᠠᠰᠤᠷᠠᠯ ᠤ᠋ᠨ ᠶᠠᠮᠤᠨ ᠤ᠋ ᠲᠥᠷᠦ ᠶ᠋ᠢᠨ ᠨᠠᠷᠢᠨ ᠪᠢᠴᠢᢉ ᠦ᠋ᠨ ᠳᠠᠷᠤᠭᠠ ᠬᠠ᠊᠂ ᠪᠠᠲᠤᠵᠢᠷᠭᠠᠯ ᠣᠨᠴᠠᠯᠠᠵᠤ᠂ ᠲᠥᠰᠦᠯ ᠡᠴᠡ ᠭᠠᠷᠬᠤ ᠦᠷᠡ ᠳ᠋ᠦᠩ ᠪᠣᠯᠪᠠᠰᠤᠷᠠᠯ ᠤ᠋ᠨ ᠰᠠᠯᠪᠤᠷᠢ ᠶ᠋ᠢᠨ ᠴᠢᠨᠠᠭᠰᠢᠳᠠ ᠶ᠋ᠢᠨ ᠠᠷᠭᠠ ᢈᠡᠮᠵᠢᠶᠡ᠂ ᠪᠣᠳᠤᠯᠭᠠ ᠰᠢᠶᠳᠪᠦᠷᠢ ᠳ᠋ᠦ ᠴᠢᠬᠤᠯᠠ ᠠᠴᠢ ᠬᠣᠯᠪᠤᠭᠳᠠᠯ ᠲᠠᠢ ᠪᠣᠯᠬᠤ ᠶ᠋ᠢ ᢈᠡᠯᠡᠪᠡ᠃ ᠮᠥᠨ ᠮᠤ᠊᠂ ᠤ᠊᠂ ᠪᠤ᠊᠂ ᠶᠡ᠊᠂ ᠰᠤ᠊᠂ ᠤ᠋ᠨ ᠬᠠᠷᠢᠶᠠ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠤᠳᠤᠷᠢᠳᠤᠯᠭᠠ᠂ ᠪᠠᠭᠰᠢ᠂ ᠰᠤᠷᠤᠭᠴᠢᠳ ᠤ᠋ᠨ ᠵᠦᢉ ᠡᠴᠡ ᠤᠭ ᠲᠥᠰᠦᠯ ᠢᠨ᠋ᠲ᠋ᠧᠷᠨᠧᠲ ᠣᠷᠴᠢᠨ ᠳ᠋ᠤ ᠬᠠᠮᠲᠤᠷᠠᠨ ᠠᠵᠢᠯᠯᠠᠬᠤ᠂ ᢈᠡᠦᢈᠡᠳ ᠦ᠋ᠳ ᠪᠡᠶᠡ ᠳᠠᠭᠠᠭᠠᠨ ᠰᠤᠷᠤᠯᠴᠠᠬᠤ ᠳ᠋ᠤ ᠦᠷᠡ ᠥᢉᢉᠦᢉᠡᠵᠢ ᠲᠡᠢ ᢉᠡᠳᠡᢉ ᠢ᠋ ᢈᠡᠯᠡᠵᠦ ᠪᠠᠶᠢᠯᠠ᠃
“Albus” ᠲᠥᠰᠦᠯ ᠳ᠋ᠦ ᠪᠣᠯᠪᠠᠰᠤᠷᠠᠯ ᠤ᠋ᠨ ᠰᠤᠳᠤᠯᠭᠠᠨ ᠤ᠋ ᠦᠨᠳᠦᠰᠦᠨ ᠦ᠋ ᢈᠦᠷᠢᠶᠡᠯᠡᠩ᠂ “Centerm” ᠻᠣᠮᠫᠠᠨᠢ᠂ “Teach for Mongolia” ᢈᠥᠲᠦᠯᠪᠦᠷᠢ ᠬᠠᠮᠲᠤᠷᠠᠨ ᠠᠵᠢᠯᠯᠠᠵᠤ ᠪᠠᠶᠢᠨᠠ᠃