Хаах

《ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠦᠳᠡ ᠶ᠋ᠢᠨ ᠬᠣᠭᠤᠯᠠ ᠦᠶᠢᠯᠡᠳᠪᠦᠷᠢᠯᠡᠯ ᠢ᠋ ᠳᠡᠮᠵᠢᢈᠦ ᠲᠥᠰᠦᠯ》ᠤ᠋ᠨ ᠤᠳᠤᠷᠢᠳᠬᠤ ᠬᠣᠷᠢᠶᠠᠨ ᠤ᠋ ᠬᠤᠷᠠᠯ ᠪᠣᠯᠤᠯ᠎ᠠ

A- A A+
《ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠦᠳᠡ ᠶ᠋ᠢᠨ ᠬᠣᠭᠤᠯᠠ ᠦᠶᠢᠯᠡᠳᠪᠦᠷᠢᠯᠡᠯ ᠢ᠋ ᠳᠡᠮᠵᠢᢈᠦ ᠲᠥᠰᠦᠯ》ᠤ᠋ᠨ ᠤᠳᠤᠷᠢᠳᠬᠤ ᠬᠣᠷᠢᠶᠠᠨ ᠤ᠋ ᠬᠤᠷᠠᠯ ᠪᠣᠯᠤᠯ᠎ᠠ

ᠪᠣᠯᠪᠠᠰᠤᠷᠠᠯ ᠤ᠋ᠨ ᠶᠠᠮᠤᠨ᠂ ᠶᠠᠫᠤᠨ ᠤ᠋ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭᠠᠨ ᠤ᠋ ᠪᠠᠶᠢᠭᠤᠯᠤᠯᠭ᠎ᠠ ᠵᠠᠶᠢᠻᠠ᠆ ᠲᠠᠢ ᠬᠠᠮᠲᠤᠷᠠᠨ ᢈᠡᠷᠡᢉᠵᠢᢉᠦᠯᠵᠦ ᠪᠤᠢ 《ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠦᠳᠡ ᠶ᠋ᠢᠨ ᠬᠣᠭᠤᠯᠠ ᠦᠶᠢᠯᠡᠳᠪᠦᠷᠢᠯᠡᠯ ᠢ᠋ ᠳᠡᠮᠵᠢᢈᠦ ᠲᠥᠰᠦᠯ》ᠤ᠋ᠨ ᠤᠳᠤᠷᠢᠳᠬᠤ ᠬᠣᠷᠢᠶᠠᠨ ᠤ᠋ V ᠬᠤᠷᠠᠯ ᠪᠣᠯᠵᠤ᠂ ᠠᠵᠢᠯ ᠤ᠋ᠨ ᠶᠠᠪᠤᠴᠠ᠂ ᠦᠷ᠎ᠡ ᠳ᠋ᠦᠩ ᠪᠣᠯᠤᠨ ᠬᠣᠶᠠᠳᠤᠭᠠᠷ ᠱᠠᠲᠤᠨ ᠤ᠋ ᠲᠥᠰᠦᠯ ᠦ᠋ᠨ ᠰᠠᠭᠤᠷᠢ ᠰᠤᠳᠤᠯᠭ᠎ᠠ ᠶ᠋ᠢ ᠡᢈᠢᠯᠡᢉᠦᠯᢈᠦ ᠲᠠᠯ ᠠ ᠪᠠᠷ ᢈᠡᠯᠡᠯᠴᠡᠯ᠎ᠡ᠃

ᠲᠥᠰᠦᠯ ᠦ᠋ᠨ ᢈᠦᠷᠢᠶᠡᠨ ᠳ᠋ᠦ ᠳᠤᠮᠳᠠᠭᠣᠪᠢ᠂ ᠥᠪᠦᠷᠬᠠᠩᠭᠠᠢ ᠠᠶᠢᠮᠠᠭ᠂ ᠨᠡᠶᠢᠰᠯᠡᠯ ᠡᠴᠡ ᠰᠣᠩᠭᠤᠭᠳᠠᠭᠰᠠᠨ ᠰᠤᠷᠭᠠᠭᠤᠯᠢ ᠶ᠋ᠢᠨ ᠪᠠᠭ᠎ᠠ ᠠᠩᢉᠢ ᠶ᠋ᠢᠨ ᠰᠤᠷᠤᠭᠴᠢᠳ ᠤ᠋ᠨ ᠬᠣᠭᠤᠯᠠ᠂ ᠰᠢᠮ᠎ᠡ ᠲᠡᠵᠢᢉᠡᠯ ᠦ᠋ᠨ ᠪᠠᠶᠢᠳᠠᠯ ᠢ᠋ ᠦᠨᠡᠯᠡᢈᠦ ᠰᠤᠳᠤᠯᠭ᠎ᠠ ᠶ᠋ᠢ ᢈᠢᢈᠦ ᠳ᠋ᠦ ᠰᠤᠷᠤᠭᠴᠢᠳ ᠤ᠋ᠨ Д ᠠᠮᠢᠨ ᠳᠡᠮ ᠪᠣᠯᠤᠨ ᠻᠠᠯᠼᠢ ᠶ᠋ᠢᠨ ᠳᠤᠲᠠᠯ᠎ᠠ ᠥᠨᠳᠦᠷ᠂ ᠰᠦᠨ᠂ ᠰᠦᠨ ᠪᠦᠲᠦᢉᠡᢉᠳᠡᢈᠦᠨ ᠦ᠋ ᠬᠣᠨᠤᠭ ᠲᠤ ᠠᠪᠬᠤ ᢈᠡᠮᠵᠢᠶ᠎ᠡ ᠓᠆ ᠔ ᠳᠠᢈᠢᠨ ᠪᠠᠭ᠎ᠠ᠂ ᠶᠠᠰᠤᠨ ᠤ᠋ ᠨᠢᠭᠲᠠ ᠪᠠᠭ᠎ᠠ ᠳ᠋ᠦᠩ ᠲᠡᠢ ᠭᠠᠷᠤᠭᠰᠠᠨ᠃ ᠡᠶᠢᠮᠦ ᠳ᠋ᠦ ᠰᠤᠳᠤᠯᠭᠠᠨ ᠤ᠋ ᠳ᠋ᠦᠩ ᠳ᠋ᠦ ᠦᠨᠳᠦᠰᠦᠯᠡᠨ:

  • ᢈᠡᠦᢈᠡᠳ ᠲᠦ ᢈᠡᠷᠡᢉᠴᠡᢉᠡᠲᠦ ᠰᠢᠮ᠎ᠡ ᠲᠡᠵᠢᢉᠡᠯ᠂ ᠡᠷᠦᠳᠡᠰᠦ ᠠᠮᠢᠨ ᠳᠡᠮ ᠦ᠋ᠨ ᠠᠭᠤᠯᠤᠮᠵᠢ ᠶ᠋ᠢ ᠥᠩᢉᠡᠨ ᠦ᠋ ᠰᠢᠰᠲ᠋ᠧᠮ ᠢ᠋ᠶᠡᠷ ᠢᠯᠡᠷᢈᠡᠶᠢᠯᠡᢉᠰᠡᠨ 《ᠰᠢᠮ᠎ᠡ ᠲᠡᠵᠢᢉᠡᠯ ᠦ᠋ᠨ ᠲᠡᠩᠴᠡᠪᠦᠷᠢ ᠲᠡᠢ ᠼᠧᠰᠧ》 ᠶ᠋ᠢ ᠪᠣᠯᠪᠠᠰᠤᠷᠠᠭᠤᠯᠤᠨ ᠰᠤᠷᠭᠠᠭᠤᠯᠢ ᠶ᠋ᠢᠨ ᠦᠳᠡ ᠶ᠋ᠢᠨ ᠬᠣᠭᠤᠯᠠ ᢈᠥᠲᠦᠯᠪᠦᠷᠢ ᠳ᠋ᠦ ᢈᠡᠷᠡᢉᠵᠢᢉᠦᠯᠵᠦ ᠪᠠᠶᠢᠨ᠎ᠠ᠃
  • ᠳᠤᠮᠳᠠᠭᠣᠪᠢ ᠠᠶᠢᠮᠠᠭ ᠲᠤ ᠒᠐᠒᠓ ᠣᠨ ᠠ᠋ᠴᠠ ᠣᠷᠤᠨ ᠨᠤᠲᠤᠭ ᠤ᠋ᠨ ᠲᠥᠰᠦᠪ ᠪᠣᠯᠤᠨ ᠡᠴᠢᢉᠡ ᠡᢈᠡ ᠶ᠋ᠢᠨ ᠳᠡᠮᠵᠢᠯᢉᠡ ᠲᠡᠢ ᠪᠡᠷ ᢈᠡᠷᠡᢉᠵᠢᢉᠦᠯᠦᢉᠰᠡᠨ 《ᠦᠳᠡ ᠶ᠋ᠢᠨ ᠬᠣᠭᠤᠯᠠ+ᠰᠦᠨ》 ᢈᠥᠲᠦᠯᠪᠦᠷᠢ ᠥᠷᢉᠡᠵᠢᠵᠦ᠂ ᠤᠯᠤᠰ ᠤ᠋ᠨ ᢈᠡᠮᠵᠢᠶᠡᠨ ᠳ᠋ᠦ ᠑᠗᠓ ᠰᠤᠷᠭᠠᠭᠤᠯᠢ᠂ ᠴᠡᠴᠡᠷᠯᠢᢉ ᠦ᠋ᠨ ᠔᠐ ᠮᠢᠩᠭ᠎ᠠ ᠭᠠᠷᠤᠢ ᢈᠡᠦᢈᠡᠳ 《ᠰᠦᠨ》 ᢈᠥᠲᠦᠯᠪᠦᠷᠢ ᠳ᠋ᠦ ᠬᠠᠮᠤᠷᠤᠭᠳᠠᠵᠤ ᠡᢈᠢᠯᠡᠯ᠎ᠡ᠃
  • ᠵᠠᠭᠪᠤᠷ ᠰᠤᠷᠭᠠᠭᠤᠯᠢ ᠨᠤᠭᠤᠳ ᠲᠤ ᠬᠣᠭᠤᠯᠠ ᠦᠢᠯᠡᠳᠪᠦᠷᠢᠯᠡᠯ᠂ ᠦᠶᠢᠯᠡᠴᠢᠯᠡᢉᠡᠨ ᠦ᠋ ᠲᠣᠨᠤᠭ ᠲᠥᢈᠦᢉᠡᠷᠦᠮᠵᠢ᠂ ᠪᠠᠭᠠᠵᠢ ᢈᠡᠷᠡᢉᠰᠡᠯ ᠨᠡᠶᠢᠯᠡᢉᠦᠯᠵᠦ᠂ ᠬᠣᠭᠤᠯᠠ ᠦᠶᠢᠯᠡᠳᠪᠦᠷᠢᠯᠡᠯ ᠦ᠋ᠨ ᠣᠷᠴᠢᠨ ᠨᠥᢈᠦᠴᠡᠯ ᠢ᠋ ᠰᠠᠶᠢᠵᠢᠷᠠᠭᠤᠯᠪᠠ᠃
  • ᠦᠳᠡ ᠶ᠋ᠢᠨ ᠬᠣᠭᠤᠯᠠᠨ ᠤ᠋ ᠦᠶᠢᠯᠡᠴᠢᠯᠡᢉᠡ ᠶ᠋ᠢ ᢈᠡᠷᠡᢉᠵᠢᢉᠦᠯᢈᠦ ᠳ᠋ᠦ ᠣᠷᠤᠨ ᠨᠤᠲᠤᠭ ᠤ᠋ᠨ ᠣᠨᠴᠠᠯᠢᠭ ᠲᠤ ᠲᠣᢈᠢᠷᠠᠭᠰᠠᠨ ᢈᠦᠨᠡᠰᠦᠨ ᠦ᠋ ᠬᠠᠩᠭᠠᠮᠵᠢ ᠶ᠋ᠢᠨ ᠣᠨᠤᠪᠴᠢᠲᠠᠢ ᠬᠤᠪᠢᠯᠪᠤᠷᠢ ᠶ᠋ᠢ ᠪᠤᠢ ᠪᠣᠯᠭᠠᠬᠤ᠂ ᠣᠷᠤᠨ ᠨᠤᠲᠤᠭ ᠤ᠋ᠨ ᢈᠦᠨᠡᠰᠦ ᠦᠶᠢᠯᠡᠳᠪᠦᠷᠢᠯᠡᢉᠴᠢᠳ ᠢ᠋ ᠳᠡᠮᠵᠢᠵᠦ᠂ ᢈᠡᠦᢈᠡᠳ ᠦ᠋ᠨ ᠬᠣᠭᠤᠯᠠ ᢈᠦᠨᠡᠰᠦᠨ ᠳ᠋ᠦ ᠨᠡᠶᠢᠯᠡᢉᠦᠯᢈᠦ ᠠᠷᠭ᠎ᠠ ᢈᠡᠮᠵᠢᠶ᠎ᠡ ᠶ᠋ᠢ ᢈᠡᠷᠡᢉᠵᠢᢉᠦᠯᠦᠯ᠎ᠡ᠃
  • ᠬᠣᠭᠤᠯᠠ ᠵᠦᠢᠴᠢ ᠮᠡᠷᢉᠡᠵᠢᠯᠲᠡᠨ ᠢ᠋ ᠪᠡᠯᠡᠳᢈᠡᠵᠦ ᠪᠤᠢ ᠶᠡᢈᠡ᠂ ᠳᠡᢉᠡᠳᠦ ᠰᠤᠷᠭᠠᠭᠤᠯᠢ ᠶ᠋ᠢᠨ ᢈᠥᠲᠦᠯᠪᠦᠷᠢ ᠳ᠋ᠦ ᠳ᠋ᠦᠩ ᠰᠢᠨᠵᠢᠯᠡᢉᠡ ᢈᠢᠵᠦ᠂ ᠰᠠᠶᠢᠵᠢᠷᠠᠭᠤᠯᠬᠤ ᠵᠥᠪᠯᠡᠮᠵᠢ ᠶ᠋ᠢ ᠪᠣᠯᠪᠠᠰᠤᠷᠠᠭᠤᠯᠪᠠ᠃