Хаах

ᠪᠣᠯᠪᠠᠰᠤᠷᠠᠯ ᠤ᠋ᠨ ᠲᠥᠯᠦᢉᠡᢈᠦ ᠪᠦᢈᠦ ᠨᠡᠶᠢᠲᠡ ᠶ᠋ᠢᠨ ᠪᠦᠯᠦᢉ ᠦ᠋ᠨ ᠬᠤᠷᠠᠯ ᠢ᠋ ᠵᠣᢈᠢᠶᠠᠨ ᠪᠠᠶᠢᠭᠤᠯᠤᠨ᠎ᠠ

A- A A+
ᠪᠣᠯᠪᠠᠰᠤᠷᠠᠯ ᠤ᠋ᠨ ᠲᠥᠯᠦᢉᠡᢈᠦ ᠪᠦᢈᠦ ᠨᠡᠶᠢᠲᠡ ᠶ᠋ᠢᠨ ᠪᠦᠯᠦᢉ ᠦ᠋ᠨ ᠬᠤᠷᠠᠯ ᠢ᠋ ᠵᠣᢈᠢᠶᠠᠨ ᠪᠠᠶᠢᠭᠤᠯᠤᠨ᠎ᠠ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠪᠣᠯᠪᠠᠰᠤᠷᠠᠯ ᠤ᠋ᠨ ᠳᠡᠯᠡᢈᠡᠢ ᠶ᠋ᠢᠨ ᠲᠦᠩᠰᠢᠯᠡᠯ (GPE) ᠣᠯᠠᠨ ᠤᠯᠤᠰ ᠤ᠋ᠨ ᠪᠠᠶᠢᠭᠤᠯᠤᠯᠭ᠎ᠠ ᠶ᠋ᠢᠨ ᠪᠤᠴᠠᠯᠲᠠ ᠦᢉᠡᠢ ᠲᠤᠰᠠᠯᠠᠮᠵᠢ ᠪᠠᠷ ᢈᠡᠷᠡᢉᠵᠢᠵᠦ ᠪᠤᠢ《ᠲᠡᢉᠰᠢ ᠪᠣᠯᠤᠮᠵᠢ ᠶ᠋ᠢ ᠪᠦᠷᠢᠳᠦᢉᠦᠯᢈᠦ ᠵᠠᠮ ᠢ᠋ᠶᠠᠷ ᠰᠤᠷᠤᠯᠴᠠᠬᠤᠢ ᠶ᠋ᠢ ᠳᠡᠮᠵᠢᢈᠦ》(EQUAL) ᠲᠥᠰᠦᠯ ᠦ᠋ᠨ ᠪᠠᠭ ᠲᠠᠢ ᠠᠭᠤᠯᠵᠠᠪᠠ᠃ ᠤᠭ ᠲᠥᠰᠦᠯ ᠨᠢ ᠲᠡᢉᠰᠢ ᠬᠠᠮᠤᠷᠤᠭᠤᠯᠤᠨ ᠰᠤᠷᠭᠠᠬᠤ ᠪᠣᠯᠪᠠᠰᠤᠷᠠᠯ᠂ ᠰᠤᠷᠭᠠᠭᠤᠯᠢ ᠶ᠋ᠢᠨ ᠦᠳᠡ ᠶ᠋ᠢᠨ ᠬᠣᠭᠤᠯᠠ᠂ ᠬᠣᠣᠰᠯᠠᠭᠰᠠᠨ ᠰᠤᠷᠭᠠᠯᠲᠠ ᢉᠡᠰᠡᠨ ᠲᠡᠷᠢᢉᠦᠯᠡᢈᠦ ᠭᠤᠷᠪᠠᠨ ᠴᠢᢉᠯᠡᠯ ᠢ᠋ᠶᠡᠷ ᠒᠐᠒᠒ ᠣᠨ ᠠ᠋ᠴᠠ ᠬᠣᠶᠢᠰᠢ ᢈᠡᠷᠡᢉᠵᠢᠵᠦ ᠪᠠᠶᠢᠨ᠎ᠠ᠃

ᠠᠭᠤᠯᠵᠠᠯᠲᠠ ᠶ᠋ᠢᠨ ᠦᠶ᠎ᠡ ᠪᠡᠷ ᠲᠥᠷᠦ᠂ ᠬᠤᠪᠢ ᠶ᠋ᠢᠨ ᢈᠡᠪᠰᠢᠯ ᠦ᠋ᠨ ᠲᠦᠩᠰᠢᠯᠡᠯ ᠢ᠋ᠶᠡᠷ ᠳᠠᠮᠵᠢᠭᠤᠯᠤᠨ ᠰᠤᠷᠭᠠᠭᠤᠯᠢ ᠶ᠋ᠢᠨ ᠦᠳᠡ ᠶ᠋ᠢᠨ ᠬᠣᠭᠤᠯᠠᠨ ᠤ᠋ ᠴᠢᠨᠠᠷ ᠢ᠋ ᠰᠠᠶᠢᠵᠢᠷᠠᠭᠤᠯᠬᠤ᠂ ᠱᠠᠭᠠᠷᠳᠠᠯᠭ᠎ᠠ ᠬᠠᠩᠭᠠᠭᠰᠠᠨ᠂ ᠰᠲ᠋ᠠᠨ᠋ᠳᠠᠷᠲ ᠲᠤ ᠨᠡᠶᠢᠴᠡᢉᠰᠡᠨ ᠦᠳᠡ ᠶ᠋ᠢᠨ ᠬᠣᠭᠤᠯᠠ ᠪᠠᠷ ᠦᠶᠢᠯᠡᠴᠢᠯᠡᢈᠦ ᠬᠠᠩᠭᠠᠯᠲᠠ ᠶ᠋ᠢᠨ ᠰᠢᠰᠲ᠋ᠧᠮ ᠲᠡᠢ ᠪᠣᠯᠬᠤ᠂ ᠠᠮᠵᠢᠯᠲᠠᠲᠠᠢ ᢈᠡᠷᠡᢉᠵᠢᠵᠦ ᠪᠤᠢ ᠲᠥᠰᠦᠯ ᢈᠥᠲᠦᠯᠪᠦᠷᠢ ᠶ᠋ᠢ ᠥᠷᢉᠡᠵᠢᢉᠦᠯᢈᠦ ᠲᠠᠯ᠎ᠠ ᠪᠠᠷ ᠰᠠᠨᠠᠯ ᠰᠣᠯᠢᠯᠴᠠᠯ᠎ᠠ᠃ ᠮᠥᠨ GPE ᠪᠠᠶᠢᠭᠤᠯᠤᠯᠭ᠎ᠠ ᠶ᠋ᠢᠨ ᠰᠠᠩᢈᠦᠵᠢᠯᠲᠡ ᠳ᠋ᠦ ᠪᠣᠯᠪᠠᠰᠤᠷᠠᠯ ᠤ᠋ᠨ ᠰᠠᠯᠪᠤᠷᠢ ᠶ᠋ᠢᠨ ᠪᠦᢈᠦ ᠲᠠᠯ᠎ᠠ ᠶ᠋ᠢᠨ ᠣᠷᠤᠯᠴᠠᠭ᠎ᠠ ᠶ᠋ᠢ ᠬᠠᠩᠭᠠᠬᠤ ᠵᠣᠷᠢᠯᠭ᠎ᠠ ᠲᠠᠢ ᠪᠣᠯᠪᠠᠰᠤᠷᠠᠯ ᠤ᠋ᠨ ᠲᠥᠯᠦᢉᠡᢈᠦ ᠪᠦᢈᠦ ᠨᠡᠶᠢᠲᠡ ᠶ᠋ᠢᠨ ᠪᠦᠯᠦᢉ ᠦ᠋ᠨ ᠬᠤᠷᠠᠯ ᠢ᠋ ᠵᠣᢈᠢᠶᠠᠨ ᠪᠠᠶᠢᠭᠤᠯᠬᠤ ᠲᠠᠯ᠎ᠠ ᠪᠠᠷ ᠶᠠᠷᠢᠯᠴᠠᠪᠠ᠃

GPE ᠪᠤᠶᠤ《Global Partnership for Education》ᠣᠯᠠᠨ ᠤᠯᠤᠰ ᠤ᠋ᠨ ᠪᠠᠶᠢᠭᠤᠯᠤᠯᠭ᠎ᠠ ᠨᠢ ᢈᠥᢉᠵᠢᠵᠦ ᠪᠤᠢ ᠤᠯᠤᠰ ᠣᠷᠤᠨ ᠨᠤᠭᠤᠳ ᠤ᠋ᠨ ᢈᠡᠦᢈᠡᠳ ᠪᠦᠷᠢ ᠴᠢᠨᠠᠷ ᠲᠠᠢ ᠪᠣᠯᠪᠠᠰᠤᠷᠠᠯ ᠡᠵᠡᠮᠰᠢᢈᠦ ᠳ᠋ᠦ ᠰᠠᠩᢈᠦᠦ ᠶ᠋ᠢᠨ ᠲᠤᠰᠠᠯᠠᠮᠵᠢ ᠦᠵᠡᢉᠦᠯᠳᠡᢉ ᠪᠥᢉᠡᠳ ᢈᠡᠦᢈᠡᠳ ᠢ᠋ ᠢᠪᠡᢉᠡᢈᠦ ᠰᠠᠩ ᠳᠡᢉᠡᠷᠡᢈᠢ ᠲᠥᠰᠦᠯ ᠦ᠋ᠨ ᠰᠠᠩᢈᠦᠵᠢᠯᠲᠡ ᠶ᠋ᠢ ᠵᠣᢈᠢᠴᠠᠭᠤᠯᠤᠭᠴᠢ ᠪᠠᠶᠢᠭᠤᠯᠤᠯᠭ᠎ᠠ ᠪᠠᠷ ᠠᠵᠢᠯᠯᠠᠵᠤ ᠪᠠᠶᠢᠨ᠎ᠠ᠃