Хаах

ᠪᠣᠯᠪᠠᠰᠤᠷᠠᠯ ᠤ᠋ᠨ ᠴᠢᠨᠠᠷ ᠤ᠋ᠨ ᠢᠯᠭᠠᠭ᠎ᠠ ᠶ᠋ᠢ ᠠᠷᠢᠯᠭᠠᠬᠤ ᠳ᠋ᠤ ᠶᠦ᠊᠂ ᠨ᠊᠂ ᠧ᠊᠂ ᠰ᠊᠂ ᠻᠤ᠊᠂ ᠤ᠊᠂ ᠲᠠᠢ ᠬᠠᠮᠲᠤᠷᠠᠨ ᠠᠵᠢᠯᠯᠠᠨ᠎ᠠ

A- A A+
ᠪᠣᠯᠪᠠᠰᠤᠷᠠᠯ ᠤ᠋ᠨ ᠴᠢᠨᠠᠷ ᠤ᠋ᠨ ᠢᠯᠭᠠᠭ᠎ᠠ ᠶ᠋ᠢ ᠠᠷᠢᠯᠭᠠᠬᠤ ᠳ᠋ᠤ ᠶᠦ᠊᠂ ᠨ᠊᠂ ᠧ᠊᠂ ᠰ᠊᠂ ᠻᠤ᠊᠂ ᠤ᠊᠂ ᠲᠠᠢ ᠬᠠᠮᠲᠤᠷᠠᠨ ᠠᠵᠢᠯᠯᠠᠨ᠎ᠠ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠨᠢ᠊᠂ ᠦ᠊᠂ ᠪᠡ᠊᠂ ᠶ᠋ᠢᠨ ᠪᠣᠯᠪᠠᠰᠤᠷᠠᠯ᠂ ᠰᠢᠨᠵᠢᠯᠡᢈᠦ ᠤᠬᠠᠭᠠᠨ᠂ ᠰᠣᠶᠤᠯ ᠤ᠋ᠨ ᠪᠠᠶᠢᠭᠤᠯᠤᠯᠭ᠎ᠠ ᠪᠤᠶᠤ ᠶᠦ᠊᠂ ᠨ᠊᠂ ᠧ᠊᠂ ᠰ᠊᠂ ᠻᠤ᠊᠂ ᠤ᠊᠂ ᠤ᠋ᠨ ᠵᠡᢉᠦᠨ ᠠᠽᠢ ᠳ᠋ᠠᢈᠢ ᠲᠥᠯᠦᢉᠡᠯᠡᢉᠴᠢ ᠶ᠋ᠢᠨ ᠭᠠᠵᠠᠷ ᠤ᠋ᠨ ᠪᠣᠯᠪᠠᠰᠤᠷᠠᠯ ᠤ᠋ᠨ ᠲᠥᠰᠦᠯ ᠬᠠᠷᠢᠭᠤᠴᠠᠭᠰᠠᠨ ᠮᠡᠷᢉᠡᠵᠢᠯᠲᠡᠨ ᠱᠠᢈᠢᠳᠤᠯ ᠢᠰᠯᠠᠮ ᠲᠡᠷᠢᢉᠦᠲᠡᠢ ᠲᠥᠯᠦᢉᠡᠯᠡᢉᠴᠢᠳ ᠢ᠋ ᢈᠦᠯᠢᠶᠡᠨ ᠠᠪᠴᠤ ᠠᠭᠤᠯᠵᠠᠨ᠂ ᠬᠠᠮᠲᠤ ᠶ᠋ᠢᠨ ᠠᠵᠢᠯᠯᠠᠭ᠎ᠠ ᠶ᠋ᠢ ᠥᠷᢉᠡᠵᠢᢉᠦᠯᢈᠦ ᠲᠠᠯ᠎ᠠ ᠪᠠᠷ ᠰᠠᠨᠠᠯ ᠰᠣᠯᠢᠯᠴᠠᠪᠠ᠃

ᠮᠣᠩᠭᠣᠯ ᠤᠯᠤᠰ ᠪᠣᠯᠤᠨ ᠶᠦ᠊᠂ ᠨ᠊᠂ ᠧ᠊᠂ ᠰ᠊᠂ ᠻᠤ᠊᠂ ᠤ᠊᠂ ᠤ᠋ᠨ ᠬᠠᠮᠲᠤ ᠶ᠋ᠢᠨ ᠠᠵᠢᠯᠯᠠᠭᠠᠨ ᠤ᠋ ᠭᠣᠣᠯ ᠰᠠᠯᠪᠤᠷᠢ ᠨᠢ ᠪᠣᠯᠪᠠᠰᠤᠷᠠᠯ ᠤ᠋ᠨ ᠰᠠᠯᠪᠤᠷᠢ ᠪᠥᢉᠡᠳ ᠲᠣᠭᠲᠠᠪᠤᠷᠢ ᠲᠠᠢ ᢈᠥᢉᠵᠢᠯ ᠦ᠋ᠨ ᠵᠣᠷᠢᠯᠭ᠎ᠠ ᠔ ᠪᠤᠶᠤ《ᠴᠢᠨᠠᠷ ᠲᠠᠢ ᠪᠣᠯᠪᠠᠰᠤᠷᠠᠯ ᠢ᠋ ᠳᠡᠮᠵᠢᢈᠦ》ᠵᠣᠷᠢᠯᠭ᠎ᠠ ᠶ᠋ᠢ ᠪᠡᠶᠡᠯᠡᢉᠦᠯᢈᠦ ᠶ᠋ᠢᠨ ᠲᠤᠯᠠᠳᠠ ᢈᠥᠳᠡᢉᠡ ᠣᠷᠤᠨ ᠨᠤᠲᠤᠭ ᠲᠤ ᠰᠠᠶᠢᠨ ᠪᠣᠯᠪᠠᠰᠤᠷᠠᠯ ᠢ᠋ ᢈᠦᠷᢈᠡᢈᠦ᠂ ᠰᠣᠶᠤᠯ᠂ ᠪᠣᠯᠪᠠᠰᠤᠷᠠᠯ ᠢ᠋ ᠬᠠᠮᠲᠤ ᠳᠤ ᠨᠢ ᠠᠭᠤᠯᠤᠭᠰᠠᠨ ᠣᠨᠴᠠᠯᠢᠭ ᠪᠦᢈᠦᠢ ᠵᠢᠱᠢᢉ ᠰᠤᠷᠭᠠᠭᠤᠯᠢ ᠶ᠋ᠢ ᠪᠠᠶᠢᠭᠤᠯᠬᠤ ᠳ᠋ᠤ ᠬᠠᠮᠲᠤᠷᠠᠨ ᠠᠵᠢᠯᠯᠠᠬᠤ ᠰᠠᠨᠠᠯ ᠲᠠᠢ ᠪᠠᠶᠢᠭ᠎ᠠ ᠪᠠᠨ ᠪᠣᠯᠪᠠᠰᠤᠷᠠᠯ ᠤ᠋ᠨ ᠲᠥᠰᠦᠯ ᠬᠠᠷᠢᠭᠤᠴᠠᠭᠰᠠᠨ ᠮᠡᠷᢉᠡᠵᠢᠯᠲᠡᠨ ᠱᠠᢈᠢᠳᠤᠯ ᠢᠰᠯᠠᠮ ᠢᠯᠡᠷᢈᠡᠶᠢᠯᠡᠯ᠎ᠡ᠃ ᠮᠥᠨ ᠰᠦᠯᠵᠢᠶᠡᠨ ᠦ᠋ ᠳᠡᠳ᠋ ᠪᠦᠲᠦᠴᠡ ᠶ᠋ᠢᠨ ᢈᠦᠷᠲᠡᢉᠡᠮᠵᠢ ᠬᠠᠩᠭᠠᠯᠲᠠ ᠦᢉᠡᠢ ᠨᠥᢈᠦᠴᠡᠯ ᠳ᠋ᠦ ᠴᠠᢈᠢᠮ ᠰᠤᠷᠭᠠᠯᠲᠠ ᠶ᠋ᠢ ᢈᠡᠷᢈᠢᠨ ᠦᠷ᠎ᠡ ᠳ᠋ᠦᠩ ᠲᠡᠢ ᠪᠣᠯᠭᠠᠨ ᠴᠢᠨᠠᠷᠵᠢᠭᠤᠯᠬᠤ ᠲᠠᠯ᠎ᠠ ᠪᠠᠷ ᠶᠠᠷᠢᠯᠴᠠᠪᠠ᠃

ᠥᠩᢉᠡᠷᠡᢉᠰᠡᠨ ᠬᠤᠭᠤᠴᠠᠭᠠᠨ ᠤ᠋ ᠬᠠᠮᠲᠤ ᠶ᠋ᠢᠨ ᠠᠵᠢᠯᠯᠠᠭ᠎ᠠ ᠶ᠋ᠢ ᠦᠷᢉᠦᠯᠵᠢᠯᠡᢉᠦᠯᠦᢉᠡᠳ ᠵᠣᠭᠰᠤᠬᠤ ᠦᢉᠡᠢ ᠤᠯᠠᠮ ᠥᠷᢉᠡᠵᠢᢉᠦᠯᠦᠨ᠎ᠡ ᢉᠡᠳᠡᢉ ᠢ᠋ᠶᠡᠨ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᢈᠡᠯᠡᠵᠦ᠂ ᠮᠡᠳᠡᢉᠡᠯᠡᠯ᠂ ᠬᠠᠷᠢᠯᠴᠠᠭ᠎ᠠ ᠬᠣᠯᠪᠤᠭᠠᠨ ᠤ᠋ ᠲᠧᠻᠨᠣᠯᠣᢉᠢ ᠶ᠋ᠢ ᠠᠰᠢᠭᠯᠠᠨ ᠪᠣᠯᠪᠠᠰᠤᠷᠠᠯ ᠤ᠋ᠨ ᠴᠢᠨᠠᠷ ᠤ᠋ᠨ ᠢᠯᠭᠠᠭ᠎ᠠ ᠶ᠋ᠢ ᠠᠷᠢᠯᠭᠠᠬᠤ᠂ ᠠᠯᠤᠰᠯᠠᠭᠳᠠᠭᠰᠠᠨ ᠣᠷᠤᠨ ᠨᠤᠲᠤᠭ ᠲᠤ ᠰᠠᠶᠢᠨ ᠰᠤᠷᠭᠠᠭᠤᠯᠢ᠂ ᠰᠠᠶᠢᠨ ᠪᠣᠯᠪᠠᠰᠤᠷᠠᠯ ᠢ᠋ ᠪᠤᠢ ᠪᠣᠯᠭᠠᠬᠤ ᠴᠢᢉᠯᠡᠯ ᠢ᠋ᠶᠡᠷ ᠬᠠᠮᠲᠤᠷᠠᠨ ᠠᠵᠢᠯᠯᠠᠬᠤ ᠳ᠋ᠤ ᠪᠡᠯᠡᠨ ᢉᠡᠪᠡ᠃

ᠠᠭᠤᠯᠵᠠᠯᠲᠠ ᠶ᠋ᠢᠨ ᠳ᠋ᠦᠩ ᠳ᠋ᠦ ᠣᠷᠤᠨ ᠨᠤᠲᠤᠭ ᠤ᠋ᠨ ᠵᠠᠷᠢᠮ ᠰᠤᠷᠭᠠᠭᠤᠯᠢ ᠳ᠋ᠤ ᠮᠡᠳᠡᢉᠡᠯᠡᠯ ᠲᠧᠻᠨᠤᠯᠤᢉᠢ ᠶ᠋ᠢᠨ ᠲᠤᠰᠠᠯᠠᠮᠵᠢ ᠲᠠᠢ ᠰᠤᠷᠭᠠᠯᠲᠠ ᠶ᠋ᠢᠨ ᠴᠢᠨᠠᠷ ᠢ᠋ ᠰᠠᠶᠢᠵᠢᠷᠠᠭᠤᠯᠬᠤ᠂ ᠪᠠᠭ ᠤ᠋ᠨ ᠪᠠᠭ᠎ᠠ ᠰᠤᠷᠭᠠᠭᠤᠯᠢ ᠶ᠋ᠢᠨ ᠴᠢᢉᠯᠡᠯ ᠢ᠋ᠶᠡᠷ ᠲᠤᠷᠰᠢᠯᠲᠠ ᠶ᠋ᠢᠨ ᠲᠥᠰᠦᠯ ᢈᠡᠷᠡᢉᠵᠢᢉᠦᠯᢈᠦ ᠪᠡᠷ ᠪᠣᠯᠪᠠ᠃