Хаах

ᠻᠠᠽᠠᠬᠰᠲ᠋ᠠᠨ᠋ ᠤᠯᠤᠰ ᠲᠤ ᠨᠢᠰᢈᠦ ᠶ᠋ᠢᠨ ᠰᠠᠯᠪᠤᠷᠢ ᠶ᠋ᠢᠨ ᠪᠣᠯᠪᠠᠰᠤᠨ ᢈᠦᠴᠦᠨ ᠪᠡᠯᠡᠳᢈᠡᢈᠦ ᠪᠣᠯᠤᠮᠵᠢ ᠶ᠋ᠢ ᠰᠤᠳᠤᠯᠵᠤ ᠪᠠᠶᠢᠨ᠎ᠠ

A- A A+
ᠻᠠᠽᠠᠬᠰᠲ᠋ᠠᠨ᠋ ᠤᠯᠤᠰ ᠲᠤ ᠨᠢᠰᢈᠦ ᠶ᠋ᠢᠨ ᠰᠠᠯᠪᠤᠷᠢ ᠶ᠋ᠢᠨ ᠪᠣᠯᠪᠠᠰᠤᠨ ᢈᠦᠴᠦᠨ ᠪᠡᠯᠡᠳᢈᠡᢈᠦ ᠪᠣᠯᠤᠮᠵᠢ ᠶ᠋ᠢ ᠰᠤᠳᠤᠯᠵᠤ ᠪᠠᠶᠢᠨ᠎ᠠ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠪᠦᢉᠦᠳᠡ ᠨᠠᠶᠢᠷᠠᠮᠳᠠᠬᠤ ᠻᠠᠽᠠᠬᠰᠲ᠋ᠠᠨ᠋ ᠤᠯᠤᠰ ᠠ᠋ᠴᠠ ᠮᠣᠩᠭᠤᠯ ᠤᠯᠤᠰ ᠲᠤ ᠰᠠᠭᠤᠭ᠎ᠠ ᠣᠨᠴᠠ ᠪᠥᢉᠡᠳ ᠪᠦᠷᠢᠨ ᠡᠷᢈᠡᠲᠦ ᠡᠯᠴᠢᠨ ᠰᠠᠶᠢᠳ ᠭᠠᠪᠢᠲ ᠪ᠊᠂ ᠻᠣᠶᠢᠱᠢᠪᠠᠶᠧᠸ ᠢ᠋ ᢈᠦᠯᠢᠶᠡᠨ ᠠᠪᠴᠤ ᠠᠭᠤᠯᠵᠠᠨ᠂ ᠪᠣᠯᠪᠠᠰᠤᠷᠠᠯ ᠤ᠋ᠨ ᠰᠠᠯᠪᠤᠷᠢ ᠳ᠋ᠠᢈᠢ ᠬᠠᠮᠲᠤ ᠶ᠋ᠢᠨ ᠠᠵᠢᠯᠯᠠᠭᠠᠨ ᠤ᠋ ᠲᠠᠯ᠎ᠠ ᠪᠠᠷ ᠰᠠᠨᠠᠯ ᠰᠣᠯᠢᠯᠴᠠᠪᠠ᠃

ᠬᠣᠶᠠᠷ ᠤᠯᠤᠰ ᠤ᠋ᠨ ᠪᠣᠯᠪᠠᠰᠤᠷᠠᠯ ᠤ᠋ᠨ ᠶᠠᠮᠤᠳ ᠬᠣᠭᠤᠷᠤᠨᠳᠤ ᠪᠠᠶᠢᠭᠤᠯᠤᠭᠰᠠᠨ ᢈᠡᠯᠡᠯᠴᠡᢉᠡᠷ ᠦ᠋ᠨ ᢈᠦᠷᠢᠶᠡᠨ ᠳ᠋ᠦ ᠵᠢᠯ ᠪᠦᠷᠢ ᠮᠣᠩᠭᠣᠯ ᠤᠯᠤᠰ ᠤ᠋ᠨ ᠒᠕ ᠣᠶᠤᠲᠠᠨ ᠻᠠᠽᠠᠬᠰᠲ᠋ᠠᠨ᠋ ᠤ᠋ ᠲᠡᠳᢈᠦᠯᢉᠡ ᠪᠡᠷ ᠲᠤᠰ ᠤᠯᠤᠰ ᠤ᠋ᠨ ᠶᠡᢈᠡ᠂ ᠳᠡᢉᠡᠳᠦ ᠰᠤᠷᠭᠠᠭᠤᠯᠢ ᠳ᠋ᠤ ᠰᠤᠷᠤᠯᠴᠠᠬᠤ ᠪᠣᠯᠤᠮᠵᠢ ᠲᠠᠢ ᠪᠠᠶᠢᠳᠠᠭ᠃ ᠬᠣᠶᠠᠷ ᠤᠯᠤᠰ ᠤ᠋ᠨ ᠪᠣᠯᠪᠠᠰᠤᠷᠠᠯ ᠤ᠋ᠨ ᠰᠠᠯᠪᠤᠷᠢ ᠳ᠋ᠠᢈᠢ ᠬᠠᠮᠲᠤ ᠶ᠋ᠢᠨ ᠠᠵᠢᠯᠯᠠᠭ᠎ᠠ ᠵᠥᠪᢈᠡᠨ ᠲᠡᠳᢈᠦᠯᢉᠡ ᠣᠯᠭᠤᠯᠲᠠ ᠪᠠᠷ ᢈᠢᠵᠠᠭᠠᠷᠯᠠᠭᠳᠠᠬᠤ ᠦᢉᠡᠢ᠂ ᠢᠯᠡᢉᠦᠦ ᠥᠷᢉᠡᠵᠢᠨ ᢈᠥᢉᠵᠢᢈᠦ ᠪᠣᠯᠤᠮᠵᠢ ᠲᠠᠢ ᠶ᠋ᠢ ᠲᠠᠯ᠎ᠠ ᠨᠤᠭᠤᠳ ᠠᠭᠤᠯᠵᠠᠯᠲᠠ ᠶ᠋ᠢᠨ ᠦᠶ᠎ᠡ ᠪᠡᠷ ᠣᠨᠴᠠᠯᠠᠨ ᠲᠡᠮᠳᠡᢉᠯᠡᠪᠡ᠃

ᠮᠣᠩᠭᠤᠯ ᠤᠯᠤᠰ ᠠ᠋ᠴᠠ ᠻᠠᠽᠠᠬᠰᠲ᠋ᠠᠨ᠋ ᠤᠯᠤᠰ ᠲᠤ ᠨᠢᠰᢈᠦ ᠶ᠋ᠢᠨ ᠰᠠᠯᠪᠤᠷᠢ ᠶ᠋ᠢᠨ ᠪᠣᠯᠪᠠᠰᠤᠨ ᢈᠦᠴᠦᠨ ᠪᠡᠯᠡᠳᢈᠡᢈᠦ ᠪᠣᠯᠤᠮᠵᠢ ᠶ᠋ᠢ ᠰᠤᠳᠤᠯᠤᠨ᠂ ᠬᠣᠯᠪᠤᠭᠳᠠᠬᠤ ᠪᠠᠶᠢᠭᠤᠯᠤᠯᠭ᠎ᠠ ᠨᠤᠭᠤᠳ ᠲᠠᠢ ᢈᠡᠯᠡᠯᠴᠡᠵᠦ ᠪᠠᠶᠢᠭ᠎ᠠ ᠶ᠋ᠢ ᠡᠯᠴᠢᠨ ᠰᠠᠶᠢᠳ ᠭᠠᠪᠢᠲ ᠪ᠊᠂ ᠻᠣᠶᠢᠱᠢᠪᠠᠶᠧᠸ ᠮᠡᠳᠡᠭᠡᠯᠡᠯ ᠡ᠃ ᠲᠡᠷᠡ ᠪᠡᠷ ᠻᠠᠽᠠᠬᠰᠲ᠋ᠠᠨ᠋ ᠤᠯᠤᠰ ᠲᠤ ᠮᠣᠩᠭᠣᠯ ᢈᠡᠯᠡᠨ ᠦ᠋ ᠮᠡᠷᢉᠡᠵᠢᠯᠲᠡᠨ ᠳᠤᠲᠠᠮᠠᠭ ᠪᠠᠶᠢᠭ᠎ᠠ ᠲᠤᠯᠠ ᠻᠠᠽᠠᠬᠰᠲ᠋ᠠᠨ ᠤ᠋ ᠦᠨᠳᠦᠰᠦᠨ ᠦ᠋ ᠶᠡᢈᠡ ᠰᠤᠷᠭᠠᠭᠤᠯᠢ᠂ ᠮᠣᠩᠭᠣᠯ ᠤᠯᠤᠰ ᠤ᠋ᠨ ᠶᠡᢈᠡ ᠰᠤᠷᠭᠠᠭᠤᠯᠢ ᠬᠣᠭᠤᠷᠤᠨᠳᠤ ᠰᠠᠨᠠᠮᠵᠢ ᠪᠢᠴᠢᢉ ᠪᠠᠶᠢᠭᠤᠯᠵᠤ᠂ ᠮᠣᠩᠭᠣᠯ᠂ ᠻᠠᠽᠠᠭ ᢈᠡᠯᠡᠨ ᠦ᠋ ᠲᠢᠩᢈᠢᠮ ᠢ᠋ ᠬᠠᠷᠢᠯᠴᠠᠨ ᠪᠤᠢ ᠪᠣᠯᠭᠠᠬᠤ᠂ ᠪᠣᠯᠪᠠᠰᠤᠷᠠᠯ ᠤ᠋ᠨ ᠰᠠᠯᠪᠤᠷᠢ ᠳ᠋ᠤ ᠲᠤᠷᠰᠢᠯᠭ᠎ᠠ ᠰᠣᠯᠢᠯᠴᠠᠬᠤ ᠵᠡᠷᢉᠡ ᠪᠡᠷ ᠬᠠᠮᠲᠤ ᠶ᠋ᠢᠨ ᠠᠵᠢᠯᠯᠠᠭ᠎ᠠ ᠶ᠋ᠢ ᠡᠷᠴᠢᠮᠵᠢᢉᠦᠯᠦᠨ᠂ ᠰᠢᠨ᠎ᠡ ᠲᠦᠪᠰᠢᠨ ᠳ᠋ᠦ ᠭᠠᠷᠭᠠᠬᠤ ᠳ᠋ᠤ ᠪᠡᠯᠡᠨ ᢉᠡᠳᠡᢉ ᠢ᠋ᠶᠡᠨ ᠢᠯᠡᠷᢈᠡᠶᠢᠯᠡᠪᠡ᠃

ᠬᠠᠮᠲᠤ ᠶ᠋ᠢᠨ ᠠᠵᠢᠯᠯᠠᠭᠠᠨ ᠤ᠋ ᠠᠵᠢᠯ ᢈᠡᠷᠡᢉᠴᠢ ᠰᠠᠨᠠᠯ ᠳᠡᠪᠰᠢᢉᠦᠯᠦᢉᠰᠡᠨ ᠳ᠋ᠦ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠲᠠᠯᠠᠷᠬᠠᠯ ᠢᠯᠡᠷᢈᠡᠶᠢᠯᠡᠵᠦ᠂ ᠠᠵᠢᠯ ᢈᠡᠷᠡᢉ ᠪᠣᠯᠭᠠᠬᠤ ᠪᠠᠷ ᠳᠡᠮᠵᠢᠨ ᠠᠵᠢᠯᠯᠠᠨ᠎ᠠ ᢉᠡᠪᠡ᠃