Хаах

ᠰᠣᠩᢉᠢᠨᠠᠬᠠᠶᠢᠷᠬᠠᠨ ᠳᠡᢉᠦᠷᢉᠡ ᠳ᠋ᠡᢈᠢ ᠲᠥᠷᠦ ᠶ᠋ᠢᠨ ᠥᠮᠴᠢ ᠶ᠋ᠢᠨ ᠶᠡ᠊᠂ ᠪᠤ᠊᠂ ᠰᠤ᠊᠂ ᠶ᠋ᠢᠨ ᠵᠠᢈᠢᠷᠤᠯ ᠤ᠋ᠳ ᠲᠠᠢ ᠠᠭᠤᠯᠵᠠᠪᠠ

A- A A+
ᠰᠣᠩᢉᠢᠨᠠᠬᠠᠶᠢᠷᠬᠠᠨ ᠳᠡᢉᠦᠷᢉᠡ ᠳ᠋ᠡᢈᠢ ᠲᠥᠷᠦ ᠶ᠋ᠢᠨ ᠥᠮᠴᠢ ᠶ᠋ᠢᠨ ᠶᠡ᠊᠂ ᠪᠤ᠊᠂ ᠰᠤ᠊᠂ ᠶ᠋ᠢᠨ ᠵᠠᢈᠢᠷᠤᠯ ᠤ᠋ᠳ ᠲᠠᠢ ᠠᠭᠤᠯᠵᠠᠪᠠ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠵᠥᠪᠯᠡᢈᠦ ᠳ᠊᠂ ᠭᠠᠩᠲᠤᠯᠭ᠎ᠠ ᠪᠣᠯᠤᠨ ᠠᠵᠢᠯ ᠤ᠋ᠨ ᠠᠯᠪᠠᠨ ᠤ᠋ ᠪᠦᠷᠢᠯᠳᠦᢈᠦᠨ ᠦ᠋ ᠬᠠᠮᠲᠤ ᠪᠠᠷ ᠰᠣᠩᢉᠢᠨᠠᠬᠠᠶᠢᠷᠬᠠᠨ ᠳᠡᢉᠦᠷᢉᠡ ᠳ᠋ᠡᢈᠢ ᠲᠥᠷᠦ ᠶ᠋ᠢᠨ ᠥᠮᠴᠢ ᠶ᠋ᠢᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠵᠠᢈᠢᠷᠤᠯ ᠤ᠋ᠳ ᠢ᠋ ᢈᠦᠯᠢᠶᠡᠨ ᠠᠪᠴᠤ ᠠᠭᠤᠯᠵᠠᠨ᠂ ᠪᠣᠳᠤᠯᠭ᠎ᠠ ᠲᠥᠯᠦᠪᠯᠡᠯᠲᠡ ᠪᠡᠨ ᠲᠠᠨᠢᠯᠴᠠᠭᠤᠯᠬᠤ ᠶ᠋ᠢᠨ ᠵᠡᠷᢉᠡᠴᠡᢉᠡ ᠲᠡᠳᠡᠨ ᠦ᠋ ᠰᠠᠨᠠᠯ ᢈᠦᠰᠡᠯᠲᠡ ᠶ᠋ᠢ ᠰᠣᠨᠤᠰᠴᠤ᠂ ᠲᠤᠯᠭᠠᠮᠳᠠᠵᠤ ᠪᠤᠢ ᠠᠰᠠᠭᠤᠳᠠᠯ ᠤ᠋ᠳ ᠤ᠋ᠨ ᠲᠠᠯ᠎ᠠ ᠪᠠᠷ ᠶᠠᠷᠢᠯᠴᠠᠪᠠ᠃

ᠰᠣᠩᢉᠢᠨᠠᠬᠠᠶᠢᠷᠬᠠᠨ ᠳᠡᢉᠦᠷᢉᠡ ᠳ᠋ᠦ ᠲᠥᠷᠦ ᠶ᠋ᠢᠨ ᠥᠮᠴᠢ ᠶ᠋ᠢᠨ ᠒᠘᠂ ᠲᠥᠷᠦ ᠶ᠋ᠢᠨ ᠪᠤᠰᠤ ᠥᠮᠴᠢ ᠶ᠋ᠢᠨ ᠖ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠳ᠋ᠤ ᠘᠓᠂᠕᠘᠖ ᢈᠡᠦᢈᠡᠳ ᠰᠤᠷᠤᠯᠴᠠᠵᠤ ᠪᠠᠶᠢᠨ᠎ᠠ᠃

ᠠᠭᠤᠯᠵᠠᠯᠲᠠ ᠶ᠋ᠢᠨ ᠦᠶ᠎ᠡ ᠪᠡᠷ ᠵᠠᢈᠢᠷᠤᠯ ᠤ᠋ᠳ ᠤ᠋ᠨ ᠵᠦᢉ ᠡᠴᠡ ᠲᠥᠷᠦ ᠶ᠋ᠢᠨ ᠬᠤᠳᠠᠯᠳᠤᠨ ᠠᠪᠬᠤ ᠠᠵᠢᠯᠯᠠᠭᠠᠨ ᠤ᠋ ᠴᠠᢈᠢᠮ ᠳᠡᠯᢉᠡᢉᠦᠷ ᠦ᠋ᠨ ᠲᠠᠯ ᠠ ᠪᠠᠷ ᠰᠠᠨᠠᠯ ᢈᠦᠰᠡᠯᠲᠡ ᠳᠡᠪᠰᠢᢉᠦᠯᠦᠯ᠎ᠡ᠃ ᠶᠠᠮᠤᠨ ᠤ᠋ ᠵᠦᢉ ᠡᠴᠡ ᠵᠠᠬ᠎ᠠ ᠵᠡᢉᠡᠯᠢ ᠶ᠋ᠢᠨ ᠰᠢᠳᠤᠷᠭᠤ ᠥᠷᠢᠰᠦᠯᠳᠦᢉᠡᠨ ᠢ᠋ ᠳᠡᠮᠵᠢᢈᠦ᠂ ᠬᠤᠪᠢ ᠶ᠋ᠢᠨ ᢈᠡᠪᠰᠢᠯ ᠦ᠋ᠨ ᠠᠵᠤ ᠠᠬᠤᠢ ᠶ᠋ᠢᠨ ᠨᠢᢉᠡᠴᠡ ᠨᠦ᠋ᢉᠦᠳ ᠰᠤᠷᠭᠠᠭᠤᠯᠢ᠂ ᠪᠠᠭᠰᠢ᠂ ᠰᠤᠷᠤᠭᠴᠢ᠂ ᠡᠴᠢᢉᠡ ᠡᢈᠡ᠂ ᠠᠰᠠᠷᠠᠨ ᠬᠠᠮᠠᠭᠠᠯᠠᠭᠴᠢ ᠶ᠋ᠢᠨ ᢈᠡᠷᠡᢉᠴᠡᢉᠡ ᠱᠠᠭᠠᠷᠳᠠᠯᠭ᠎ᠠ ᠶ᠋ᠢ ᠬᠠᠩᠭᠠᠬᠤ ᠪᠠᠶᠢᠳᠠᠯ ᠢ᠋ᠶᠠᠷ ᠢ᠋ᠶᠠᠨ ᠥᠷᠢᠰᠦᠯᠳᠦᠳᠡᢉ ᠵᠠᠷᠴᠢᠮ ᠢ᠋ ᠪᠤᠢ ᠪᠣᠯᠭᠠᠬᠤ ᠪᠣᠳᠤᠯᠭ᠎ᠠ ᠪᠠᠷᠢᠮᠲᠠᠯᠠᠵᠤ ᠪᠤᠢ ᠶ᠋ᠢ ᠪᠣᠯᠪᠠᠰᠤᠷᠠᠯ ᠤ᠋ᠨ ᠰᠠᠶᠢᠳ ᠤ᠋ᠨ ᠵᠥᠪᠯᠡᢈᠦ ᠳ᠊᠂ ᠭᠠᠩᠲᠤᠯᠭ᠎ᠠ ᠣᠨᠴᠠᠯᠠᠪᠠ᠃