Хаах

᠒᠐᠒᠕᠖᠒᠐᠒᠖ ᠣᠨ ᠤ᠋ ᢈᠢᠴᠢᠶᠡᠯ ᠦ᠋ᠨ ᠵᠢᠯ ᠡᠴᠡ 《ᠢᠯᠡᢉᠡᠯᠲᠡ ᠒᠑᠐᠐》ᠲᠡᠳᢈᠦᠯᢉᠡᠳ᠋ᠦ ᢈᠥᠲᠦᠯᠪᠦᠷᠢ ᠪᠡᠷ ᠲᠦᠷᠻ ᠤᠯᠤᠰ ᠲᠤ ᠰᠤᠷᠬᠤ ᠪᠣᠯᠤᠮᠵᠢ ᠲᠠᠢ

A- A A+
᠒᠐᠒᠕᠖᠒᠐᠒᠖ ᠣᠨ ᠤ᠋ ᢈᠢᠴᠢᠶᠡᠯ ᠦ᠋ᠨ ᠵᠢᠯ ᠡᠴᠡ 《ᠢᠯᠡᢉᠡᠯᠲᠡ ᠒᠑᠐᠐》ᠲᠡᠳᢈᠦᠯᢉᠡᠳ᠋ᠦ ᢈᠥᠲᠦᠯᠪᠦᠷᠢ ᠪᠡᠷ ᠲᠦᠷᠻ ᠤᠯᠤᠰ ᠲᠤ ᠰᠤᠷᠬᠤ ᠪᠣᠯᠤᠮᠵᠢ ᠲᠠᠢ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠪᠦᢉᠦᠳᠡ ᠨᠠᠶᠢᠷᠠᠮᠳᠠᠬᠤ ᠲᠦᠷᠻ ᠤᠯᠤᠰ ᠠ᠋ᠴᠠ ᠮᠣᠩᠭᠤᠯ ᠤᠯᠤᠰ ᠲᠤ ᠰᠠᠭᠤᠭ᠎ᠠ ᠣᠨᠴᠠ ᠪᠥᢉᠡᠳ ᠪᠦᠷᠢᠨ ᠡᠷᢈᠡᠲᠦ ᠡᠯᠴᠢᠨ ᠰᠠᠶᠢᠳ ᠵᠠᠹᠧᠷ ᠠᠲ᠋ᠧᠱ ᠶ᠋ᠢ ᢈᠦᠯᠢᠶᠡᠨ ᠠᠪᠴᠤ ᠠᠭᠤᠯᠵᠠᠨ᠂ ᠬᠣᠶᠠᠷ ᠤᠯᠤᠰ ᠤ᠋ᠨ ᠪᠣᠯᠪᠠᠰᠤᠷᠠᠯ ᠤ᠋ᠨ ᠰᠠᠯᠪᠤᠷᠢ ᠳ᠋ᠠᢈᠢ ᠬᠠᠮᠲᠤ ᠶ᠋ᠢᠨ ᠠᠵᠢᠯᠯᠠᠭ᠎ᠠ ᠶ᠋ᠢ ᠥᠷᢉᠡᠵᠢᢉᠦᠯᢈᠦ ᠲᠠᠯ ᠠ ᠪᠠᠷ ᠰᠠᠨᠠᠯ ᠰᠣᠯᠢᠯᠴᠠᠯ᠎ᠠ᠃ ᠲᠤᠬᠠᠶᠢᠯᠠᠪᠠᠯ᠂ ᠪᠠᠭᠰᠢ ᠰᠣᠯᠢᠯᠴᠠᠭᠠᠨ ᠤ᠋ ᠪᠣᠭᠤᠨᠢ᠂ ᠳᠤᠮᠳᠠ ᠬᠤᠭᠤᠴᠠᠭᠠᠨ ᠤ᠋ ᢈᠥᠲᠦᠯᠪᠦᠷᠢ ᢈᠡᠷᠡᢉᠵᠢᢉᠦᠯᢈᠦ᠂ ᢈᠥᢉᠵᠢᠯ ᠦ᠋ᠨ ᠪᠡᠷᢈᠡᠰᠢᠶᠡᠯ ᠲᠡᠢ ᠰᠤᠷᠤᠭᠴᠢᠳ ᠲᠤ ᠴᠣᠭᠴᠠ ᢈᠥᢉᠵᠢᠯ ᠦ᠋ᠨ ᠦᠢᠯᠡᠴᠢᠯᠡᢉᠡ ᠦᠵᠡᢉᠦᠯᠳᠡᢉ ᠪᠠᠶᠢᠭᠤᠯᠤᠯᠭ᠎ᠠ ᠬᠣᠭᠤᠷᠤᠨᠳᠤ ᠶ᠋ᠢᠨ ᠬᠠᠮᠲᠤ ᠶ᠋ᠢᠨ ᠠᠵᠢᠯᠯᠠᠭ᠎ᠠ ᠶ᠋ᠢ ᠡᢈᠢᠯᠡᢉᠦᠯᢈᠦ ᠴᠢᢉᠯᠡᠯ ᠢ᠋ᠶᠡᠷ ᠶᠠᠷᠢᠯᠴᠠᠪᠠ᠃

᠒᠐᠒᠕᠆ ᠒᠐᠒᠖ ᠣᠨ ᠤ᠋ ᢈᠢᠴᠢᠶᠡᠯ ᠦ᠋ᠨ ᠵᠢᠯ ᠡᠴᠡ ᠡᢈᠢᠯᠡᠨ ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠨᠡᠷᠡᠮᠵᠢᠲᠦ 《ᠢᠯᠡᢉᠡᠯᠲᠡ ᠒᠑᠐᠐》ᠲᠡᠳᢈᠦᠯᢉᠡᠳ᠋ᠦ ᢈᠥᠲᠦᠯᠪᠦᠷᠢ ᠳ᠋ᠦ ᠲᠡᠩᠴᠡᢉᠰᠡᠨ ᠰᠢᠯᠢᠳᠡᢉ ᠕᠐ ᠰᠤᠷᠤᠭᠴᠢ ᠶ᠋ᠢ ᠲᠦᠷᠻ ᠤᠯᠤᠰ ᠲᠤ ᠰᠤᠷᠤᠯᠴᠠᠭᠤᠯᠬᠤ ᠪᠦᠷᠢᠨ ᠪᠣᠯᠤᠮᠵᠢ ᠲᠠᠢ ᠪᠣᠯᠤᠭᠰᠠᠨ ᠲᠠᠯ ᠠ ᠪᠠᠷ ᠡᠯᠴᠢᠨ ᠰᠠᠶᠢᠳ ᠵᠠᠹᠧᠷ ᠠᠲ᠋ᠧᠱ ᠮᠡᠳᠡᢉᠡᠯᠡᠪᠡ᠃

ᠵᠢᠯ ᠳ᠋ᠦ ᠮᠣᠩᠭᠣᠯ ᠤᠯᠤᠰ ᠠ᠋ᠴᠠ ᠖᠐᠆᠑᠐᠐ ᠣᠶᠤᠲᠠᠨ ᠪᠦ᠊᠂ ᠨᠠ᠊᠂ ᠲ᠋ᠦ᠋᠊᠂ ᠤ᠊᠂ ᠤ᠋ᠨ ᠶᠡᢈᠡ ᠰᠤᠷᠭᠠᠭᠤᠯᠢ ᠨᠤᠭᠤᠳ ᠲᠤ ᠡᠯᠰᠡᠨ ᠰᠤᠷᠤᠯᠴᠠᠳᠠᠭ ᠪᠥᢉᠡᠳ ᠰᠡᢉᠦᠯ ᠦ᠋ᠨ ᠒᠐ ᠭᠠᠷᠤᠢ ᠵᠢᠯ ᠦ᠋ᠨ ᠬᠤᠭᠤᠴᠠᠭᠠᠨ ᠳ᠋ᠤ ᠒᠐᠐᠐ ᠭᠠᠷᠤᠢ ᠮᠣᠩᠭᠣᠯ ᠵᠠᠯᠠᠭᠤᠰ ᠪᠦ᠊᠂ ᠨᠠ᠊᠂ ᠲ᠋ᠦ᠋᠊᠂ ᠤ᠊᠂ ᠲᠤ ᠰᠤᠷᠴᠤ ᠲᠡᢉᠦᠰᠦᢉᠰᠡᠨ ᠪᠠᠶᠢᠨ᠎ᠠ᠃ ᠡᠨᠡ ᠨᠢ ᠬᠣᠶᠠᠷ ᠤᠯᠤᠰ ᠤ᠋ᠨ ᠨᠠᠶᠢᠷᠰᠠᠭ ᠬᠠᠷᠢᠯᠴᠠᠭ᠎ᠠ᠂ ᠬᠠᠮᠲᠤ ᠶ᠋ᠢᠨ ᠠᠵᠢᠯᠯᠠᠭᠠᠨ ᠤ᠋ ᠨᠢᢉᠡᠨ ᠴᠢᠬᠤᠯᠠ ᢉᠦᢉᠦᠷᢉᠡ ᠪᠣᠯᠵᠤ ᠪᠤᠢ ᠶ᠋ᠢ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠣᠨᠴᠠᠯᠠᠭᠰᠠᠨ ᠶᠤᠮ᠃