Хаах

ᢉᠦᠶᠢᠴᠡᠳᢈᠡᠯ ᠦ᠋ᠨ ᠦᠨᠡᠯᠡᢉᠡᠨ ᠦ᠋ ᠲᠣᠭᠲᠠᠯᠴᠠᠭ᠎ᠠ ᠶ᠋ᠢ ᠥᢉᠡᠷᠡᠴᠢᠯᠡᢈᠦ ᠪᠡᠷ ᠠᠵᠢᠯᠯᠠᠵᠤ ᠪᠠᠶᠢᠨ᠎ᠠ

A- A A+
ᢉᠦᠶᠢᠴᠡᠳᢈᠡᠯ ᠦ᠋ᠨ ᠦᠨᠡᠯᠡᢉᠡᠨ ᠦ᠋ ᠲᠣᠭᠲᠠᠯᠴᠠᠭ᠎ᠠ ᠶ᠋ᠢ ᠥᢉᠡᠷᠡᠴᠢᠯᠡᢈᠦ ᠪᠡᠷ ᠠᠵᠢᠯᠯᠠᠵᠤ ᠪᠠᠶᠢᠨ᠎ᠠ

ᢉᠦᠢᠴᠡᠳᢈᠡᠯ ᠦ᠋ᠨ ᠦᠨᠡᠯᠡᢉᠡᠨ ᠳ᠋ᠦ ᠰᠠᠭᠤᠷᠢᠯᠠᠭᠰᠠᠨ ᠤᠷᠮᠠᠰᠢᠭᠤᠯᠤᠯ ᠤ᠋ᠨ ᠲᠣᠭᠲᠠᠯᠴᠠᠭᠠᠨ ᠳ᠋ᠤ ᠪᠠᠭᠰᠢ ᠶ᠋ᠢᠨ ᠥᠪᠡᠷ ᠦ᠋ᠨ ᠪᠣᠯᠤᠨ ᠰᠤᠷᠭᠠᠭᠤᠯᠢ ᠶ᠋ᠢᠨ ᠳᠣᠲᠤᠭᠠᠳᠤ ᠦᠨᠡᠯᠡᢉᠡ ᠶ᠋ᠢ ᠣᠷᠤᠭᠤᠯᠤᠨ ᠰᠢᠨᠡᠴᠢᠯᠡᢈᠦ ᠪᠡᠷ ᠠᠵᠢᠯᠯᠠᠵᠤ ᠪᠠᠶᠢᠨ᠎ᠠ᠃ ᠡᢉᠦᠨ ᠲᠡᠢ ᠬᠣᠯᠪᠤᠭᠠᠲᠠᠢ ᠪᠠᠷ ᠪᠣᠯᠪᠠᠰᠤᠷᠠᠯ ᠤ᠋ᠨ ᠦᠨᠡᠯᠡᢉᠡᠨ ᠦ᠋ ᠲᠥᠪ ᠡᠴᠡ ᠡᢈᠢᠨ ᠦ᠋ ᠪᠠᠶᠢᠳᠠᠯ ᠢ᠋ᠶᠠᠷ ᠪᠣᠯᠪᠠᠰᠤᠷᠠᠭᠤᠯᠤᠭᠰᠠᠨ ᠰᠠᠨᠠᠯ ᠢ᠋ ᠶᠠᠮᠤᠨ ᠪᠣᠯᠤᠨ ᠬᠠᠷᠢᠶ᠎ᠠ ᠨᠢᢉᠡᠴᠡ ᠨᠦ᠋ᢉᠦᠳ ᠦ᠋ᠨ ᠬᠤᠷᠠᠯ ᠢ᠋ᠶᠠᠷ ᢈᠡᠯᠡᠯᠴᠡᠯ᠎ᠡ᠃

ᠣᠳᠤ ᠪᠠᠷ ᢈᠡᠷᠡᢉᠵᠢᠵᠦ ᠪᠤᠢ ᢉᠦᠢᠴᠡᠳᢈᠡᠯ ᠦ᠋ᠨ ᠦᠨᠡᠯᠡᢉᠡᠨ ᠳ᠋ᠦ ᠣᠷᠤᠯᠴᠠᠭᠴᠢᠳ ᠤ᠋ᠨ ᠲᠣᠭ᠎ᠠ ᠶ᠋ᠢ ᠴᠥᢉᠡᠯᠡᠵᠦ᠂ ᠪᠠᠭᠰᠢ᠂ ᠰᠤᠷᠤᠯᠴᠠᠭᠴᠢ᠂ ᠦᠨᠡᠯᠡᢉᠡᠨ ᠦ᠋ ᠪᠠᠭ ᠤ᠋ᠨ ᠣᠨᠤᠭ᠎ᠠ᠂ ᠠᠰᠠᠭᠤᠯᠭ᠎ᠠ ᠶ᠋ᠢ ᠬᠠᠷᠠᠭᠠᠯᠵᠠᠨ ᠳ᠋ᠦᠩᠨᠡᠳᠡᢉ ᠪᠠᠶᠢᠬᠤ ᠪᠠᠷ ᠰᠠᠨᠠᠯ ᠳ᠋ᠤ ᠲᠤᠰᠬᠠᠭᠰᠠᠨ ᠪᠠᠶᠢᠨ᠎ᠠ᠃ ᠮᠥᠨ ᠪᠠᠭᠰᠢ ᠶ᠋ᠢᠨ ᠴᠢᠳᠠᠮᠵᠢ᠂ ᠦᠢᠯᠡ ᠠᠵᠢᠯᠯᠠᠭ᠎ᠠ ᠪᠣᠯᠤᠨ ᠰᠤᠷᠤᠯᠴᠠᠭᠴᠢ ᠶ᠋ᠢᠨ ᠰᠤᠷᠤᠯᠭ᠎ᠠ᠂ ᠮᠡᠳᠡᠯᢉᠡ ᠴᠢᠳᠠᠪᠤᠷᠢ ᠳ᠋ᠤ ᠭᠠᠷᠤᠭᠰᠠᠨ ᠠᢈᠢᠴᠠ᠂ ᠦᠷ᠎ᠡ ᠳ᠋ᠦᠩ ᠢ᠋ ᠦᠨᠡᠨ ᠵᠥᠪ ᠳ᠋ᠦᠩᠨᠡᢈᠦ ᠶ᠋ᠢᠨ ᠲᠤᠯᠠᠳᠠ ᠦᠨᠡᠯᠡᢉᠡᠨ ᠦ᠋ ᠳᠠᠭᠠᠭᠠᠯᠭᠠᠪᠤᠷᠢ ᠶ᠋ᠢᠨ ᠴᠠᢈᠢᠮ ᠰᠢᠰᠲ᠋ᠧᠮ ᠢ᠋ ᢈᠥᢉᠵᠢᢉᠦᠯᢈᠦ ᠪᠡᠷ ᠲᠥᠯᠦᠪᠯᠡᠵᠦ ᠪᠠᠶᠢᠭ᠎ᠠ ᠶᠤᠮ᠃

ᠤᠷᠢᠳᠴᠢᠯᠠᠭᠰᠠᠨ ᠪᠠᠶᠢᠳᠠᠯ ᠢ᠋ᠶᠠᠷ ᠪᠡᠯᠡᠳᢈᠡᢉᠰᠡᠨ ᠳᠡᢉᠡᠷᠡᢈᠢ ᠥᢉᠡᠷᠡᠴᠢᠯᠡᠯᠲᠡ ᠳ᠋ᠦ ᠣᠯᠠᠨ ᠲᠠᠯ᠎ᠠ ᠶ᠋ᠢᠨ ᠰᠠᠨᠠᠯ ᠢ᠋ ᠲᠤᠰᠬᠠᠵᠤ᠂ ᠣᠨᠤᠪᠴᠢᠲᠠᠢ ᠰᠢᠶᠳᠦᠯ ᠭᠠᠷᠭ᠋ᠠᠬᠤ ᠶ᠋ᠢᠨ ᠲᠤᠯᠠᠳᠠ ᠱᠠᠭᠠᠷᠳᠠᠯᠭᠠᠲᠠᠢ ᠲᠥᠯᠦᢉᠡᠯᠡᠯ ᠦ᠋ᠳ ᠢ᠋ ᠣᠷᠤᠯᠴᠠᠭᠤᠯᠤᠭᠰᠠᠨ ᠠᠵᠢᠯ ᠤ᠋ᠨ ᢈᠡᠰᠡᢉ ᠪᠠᠶᠢᠭᠤᠯᠵᠤ᠂ ᠴᠢᠨᠠᠭᠰᠢᠳᠠ ᠶ᠋ᠢᠨ ᠠᠵᠢᠯ ᠤ᠋ᠨ ᠲᠥᠯᠦᠪᠯᠡᢉᠡ ᠶ᠋ᠢ ᠰᠠᠶᠢᠲᠤᠷ ᠪᠣᠯᠪᠠᠰᠤᠷᠠᠭᠤᠯᠬᠤ ᠪᠠᠷ ᠪᠣᠯᠪᠠ᠃