Хаах

ᠻᠧᠮᠪᠷᠢᠳ᠋ᠵᠢ ᠶ᠋ᠢᠨ ᠪᠣᠯᠪᠠᠰᠤᠷᠠᠯ ᠤ᠋ᠨ ᠲᠦᠩᠰᠢᠯᠡᠯ ᠪᠠᠶᠢᠭᠤᠯᠤᠯᠭ᠎ᠠ ᠶ᠋ᠢᠨ ᠵᠥᠪᠯᠡᢈᠦ ᠫᠷᠤᠹᠧᠰᠰᠤᠷ ᠵᠧᠹᠹ ᢈᠧᠶᠢᠪᠤᠷᠳ᠋ ᠢ᠋ ᢈᠦᠯᠢᠶᠡᠨ ᠠᠪᠴᠤ ᠠᠭᠤᠯᠵᠠᠯ᠎ᠠ

A- A A+
ᠻᠧᠮᠪᠷᠢᠳ᠋ᠵᠢ ᠶ᠋ᠢᠨ ᠪᠣᠯᠪᠠᠰᠤᠷᠠᠯ ᠤ᠋ᠨ ᠲᠦᠩᠰᠢᠯᠡᠯ ᠪᠠᠶᠢᠭᠤᠯᠤᠯᠭ᠎ᠠ ᠶ᠋ᠢᠨ ᠵᠥᠪᠯᠡᢈᠦ ᠫᠷᠤᠹᠧᠰᠰᠤᠷ ᠵᠧᠹᠹ ᢈᠧᠶᠢᠪᠤᠷᠳ᠋ ᠢ᠋ ᢈᠦᠯᠢᠶᠡᠨ ᠠᠪᠴᠤ ᠠᠭᠤᠯᠵᠠᠯ᠎ᠠ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠻᠧᠮᠪᠷᠢᠳ᠋ᠵᠢ ᠶ᠋ᠢᠨ ᠪᠣᠯᠪᠠᠰᠤᠷᠠᠯ ᠤ᠋ᠨ ᠲᠦᠩᠰᠢᠯᠡᠯ ᠪᠠᠶᠢᠭᠤᠯᠤᠯᠭ᠎ᠠ ᠶ᠋ᠢᠨ ᠵᠥᠪᠯᠡᢈᠦ ᠫᠷᠤᠹᠧᠰᠰᠤᠷ ᠵᠧᠹᠹ ᢈᠧᠶᠢᠪᠤᠷᠳ᠋ ᠢ᠋ ᢈᠦᠯᠢᠶᠡᠨ ᠠᠪᠴᠤ ᠠᠭᠤᠯᠵᠠᠯ᠎ᠠ᠃

ᠻᠧᠮᠪᠷᠢᠳ᠋ᠵᠢ ᠶ᠋ᠢᠨ ᠶᠡᢈᠡ ᠰᠤᠷᠭᠠᠭᠤᠯᠢ ᠶ᠋ᠢᠨ ᠪᠣᠯᠪᠠᠰᠤᠷᠠᠯ ᠤ᠋ᠨ ᠰᠤᠷᠭᠠᠭᠤᠯᠢ ᠶ᠋ᠢᠨ ᠵᠠᢈᠢᠷᠤᠯ ᠠᠰᠠᠨ ᠫᠷᠤᠹᠧᠰᠰᠤᠷ ᠵᠧᠹᠹ ᠨᠢ ᠣᠯᠠᠨ ᠤᠯᠤᠰ ᠲᠤ ᠵᠥᠪᠯᠡᢈᠦ ᠦᠶᠢᠯᠡᠴᠢᠯᠡᢉᠡ ᠦᠵᠡᢉᠦᠯᢈᠦ ᠠᠵᠢᠯ ᠤ᠋ᠨ ᠢ᠋ᠶᠠᠨ ᢈᠦᠷᠢᠶᠡᠨ ᠳ᠋ᠦ ᠮᠤ᠊᠂ ᠤ᠊᠂ ᠪᠤ᠊᠂ ᠶᠡ᠊᠂ ᠰᠤ᠊᠂ ᠳ᠋ᠤ “ᠪᠠᠭᠰᠢ ᠪᠡᠯᠡᠳᢈᠡᢈᠦ ᠪᠣᠯᠪᠠᠰᠤᠷᠠᠯ ᠤ᠋ᠨ ᠲᠡᢉᠦᠰᠦᠯᠲᠡ ᠶ᠋ᠢᠨ ᠳᠠᠷᠠᠭᠠᢈᠢ ᢈᠥᠲᠦᠯᠪᠦᠷᠢ᠂ ᠲᠡᢉᠦᠨ ᠢ᠋ ᢈᠡᠷᠡᢉᠵᠢᢉᠦᠯᢈᠦ ᠲᠣᠭᠲᠠᠯᠴᠠᠭ᠎ᠠ” ᠶ᠋ᠢ ᠪᠤᠢ ᠪᠣᠯᠭᠠᠬᠤ ᠴᠢᢉᠯᠡᠯ ᠢ᠋ᠶᠡᠷ ᠠᠵᠢᠯᠯᠠᠵᠤ ᠪᠠᠶᠢᠨ᠎ᠠ᠃

ᠠᠭᠤᠯᠵᠠᠯᠲᠠ ᠶ᠋ᠢᠨ ᠦᠶ᠎ᠡ ᠪᠡᠷ ᠤᠭ ᢈᠥᠲᠦᠯᠪᠦᠷᠢ ᠶ᠋ᠢᠨ ᠲᠠᠯ᠎ᠠ ᠪᠠᠷ ᠶᠠᠷᠢᠯᠴᠠᠵᠤ᠂ ᠲᠣᠭᠲᠠᠯᠴᠠᠭ᠎ᠠ ᠶ᠋ᠢ ᠰᠠᠶᠢᠵᠢᠷᠠᠭᠤᠯᠬᠤ ᠵᠥᠪᠯᠡᠮᠵᠢ᠂ ᠰᠲ᠋ᠷᠠᠲ᠋ᠧᢉᠢ ᠶ᠋ᠢᠨ ᠲᠠᠶᠢᠯᠤᠨ ᠢ᠋ ᠣᠶᠢᠷ᠎ᠠ ᠶ᠋ᠢᠨ ᠬᠤᠭᠤᠴᠠᠭᠠᠨ ᠳ᠋ᠤ ᠪᠣᠯᠪᠠᠰᠤᠷᠠᠭᠤᠯᠤᠨ᠂ ᠪᠣᠯᠪᠠᠰᠤᠷᠠᠯ ᠤ᠋ᠨ ᠰᠠᠶᠢᠳ ᠲᠤ ᢈᠦᠷᢉᠡᢉᠦᠯᢈᠦ ᠪᠡᠷ ᠪᠣᠯᠪᠠ᠃