Хаах

ᠨᠢ᠊᠂ ᠦ᠊᠂ ᠪᠠ᠊᠂ ᠶ᠋ᠢᠨ ᠮᠣᠩᠭᠣᠯ ᠳ᠋ᠠᢈᠢ ᠰᠠᠭᠤᠷᠢᠨ ᠵᠣᢈᠢᠴᠠᠭᠤᠯᠤᠭᠴᠢ ᠲᠠᠫᠠᠨ ᠮᠢᠱᠷᠠᠭ ᢈᠦᠯᠢᠶᠡᠨ ᠠᠪᠴᠤ ᠠᠭᠤᠯᠵᠠᠯ᠎ᠠ

A- A A+
ᠨᠢ᠊᠂ ᠦ᠊᠂ ᠪᠠ᠊᠂ ᠶ᠋ᠢᠨ ᠮᠣᠩᠭᠣᠯ ᠳ᠋ᠠᢈᠢ ᠰᠠᠭᠤᠷᠢᠨ ᠵᠣᢈᠢᠴᠠᠭᠤᠯᠤᠭᠴᠢ ᠲᠠᠫᠠᠨ ᠮᠢᠱᠷᠠᠭ ᢈᠦᠯᠢᠶᠡᠨ ᠠᠪᠴᠤ ᠠᠭᠤᠯᠵᠠᠯ᠎ᠠ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠨᠢ᠊᠂ ᠦ᠊᠂ ᠪᠠ᠊᠂ ᠶ᠋ᠢᠨ ᠮᠣᠩᠭᠣᠯ ᠳ᠋ᠠᢈᠢ ᠰᠠᠭᠤᠷᠢᠨ ᠵᠣᢈᠢᠴᠠᠭᠤᠯᠤᠭᠴᠢ ᠲᠠᠫᠠᠨ ᠮᠢᠱᠷᠠᠭ ᢈᠦᠯᠢᠶᠡᠨ ᠠᠪᠴᠤ ᠠᠭᠤᠯᠵᠠᠯ᠎ᠠ᠃

ᠨᠢ᠊᠂ ᠦ᠊᠂ ᠪᠠ᠊᠂ ᠠᠴᠠ ᠮᠣᠩᠭᠣᠯ ᠤᠯᠤᠰ ᠲᠤ ᢈᠡᠷᠡᢉᠵᠢᢉᠦᠯᠵᠦ ᠪᠤᠢ ᠲᠥᠰᠦᠯ ᢈᠥᠲᠦᠯᠪᠦᠷᠢ ᠨᠦ᠋ᢉᠦᠳ ᠪᠣᠯᠪᠠᠰᠤᠷᠠᠯ ᠤ᠋ᠨ ᠰᠠᠯᠪᠤᠷᠢ ᠳ᠋ᠤ ᠶᠡᢈᠡᢈᠡᠨ ᠬᠤᠪᠢ ᠨᠡᠮᠡᠷᠢ ᠣᠷᠤᠭᠤᠯᠵᠤ ᠪᠤᠢ ᠶ᠋ᠢ ᠪᠣᠯᠪᠠᠰᠤᠷᠠᠯ ᠤ᠋ᠨ ᠰᠠᠶᠢᠳ ᠣᠨᠴᠠᠯᠠᠨ᠂ ᠲᠠᠯᠠᠷᠬᠠᠯ ᠢᠯᠡᠷᢈᠡᠶᠢᠯᠡᠪᠡ᠃ ᠮᠥᠨ ᠬᠠᠮᠲᠤ ᠶ᠋ᠢᠨ ᠠᠵᠢᠯᠯᠠᠭᠠᠨ ᠤ᠋ ᠲᠠᠯ ᠠ ᠪᠠᠷ ᢈᠡᠯᠡᠯᠴᠡᠵᠦ᠂ ᠴᠢᠨᠠᠭᠰᠢᠳᠠ᠄

  • ᠴᠠᢈᠢᠮ ᠰᠢᠯᠵᠢᠯᠲᠡ ᠶ᠋ᠢᠨ ᠲᠤᠰᠠᠯᠠᠮᠵᠢ ᠲᠠᠢ ᠪᠠᠷ ᠪᠣᠯᠪᠠᠰᠤᠷᠠᠯ ᠤ᠋ᠨ ᠴᠢᠨᠠᠷ᠂ ᢈᠦᠷᠲᠡᢉᠡᠮᠵᠢ ᠶ᠋ᠢ ᠳᠡᢉᠡᢉᠰᠢᠯᠡᢉᠦᠯᢈᠦ;
  • ᠰᠤᠷᠭᠠᠯᠲᠠ ᠶ᠋ᠢᠨ ᢈᠥᠲᠦᠯᠪᠦᠷᠢ᠂ ᠠᠷᠭ᠎ᠠ ᠵᠦᠢ ᠶ᠋ᠢ ᠰᠠᠶᠢᠵᠢᠷᠠᠭᠤᠯᠬᠤ;
  • ᠪᠣᠯᠪᠠᠰᠤᠷᠠᠯ ᠤ᠋ᠨ ᠴᠢᠨᠠᠷ ᠤ᠋ᠨ ᠢᠯᠭᠠᠭ᠎ᠠ ᠶ᠋ᠢ ᠠᠷᠢᠯᠭᠠᠬᠤ;
  • ᠪᠣᠯᠪᠠᠰᠤᠷᠠᠯ ᠤ᠋ᠨ ᠰᠠᠩᢈᠦᠵᠢᠯᠲᠡ ᠳ᠋ᠦ ᠢᠨ᠋᠊ᠨᠤᠸᠠᠼ᠂ ᠰᠢᠨ᠎ᠡ ᠰᢈᠧᠮ ᠢ᠋ ᠨᠡᠪᠲᠡᠷᠡᢉᠦᠯᢈᠦ ᠵᠡᠷᢉᠡ ᠴᠢᢉᠯᠡᠯ ᠳ᠋ᠦ ᠬᠠᠮᠲᠤᠷᠠᠨ ᠠᠵᠢᠯᠯᠠᠬᠤ ᠪᠠᠷ ᠶᠠᠷᠢᠯᠴᠠᠪᠠ᠃

ᠨᠢ᠊᠂ ᠦ᠊᠂ ᠪᠠ᠊᠂ ᠠᠴᠠ ᠢᠷᢉᠡᠳ ᠦ᠋ᠨ ᠠᠮᠢᠵᠢᠷᠠᠭᠠᠨ ᠤ᠋ ᠲᠦᠪᠰᠢᠨ ᠢ᠋ ᠳᠡᢉᠡᢉᠰᠢᠯᠡᢉᠦᠯᢈᠦ᠂ ᠶᠠᠳᠠᠭᠤᠷᠠᠯ ᠢ᠋ ᠪᠠᠭᠤᠷᠠᠭᠤᠯᠬᠤ᠂ ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠦ᠋ᠨ ᢈᠥᢉᠵᠢᠯ ᠢ᠋ ᠳᠡᠮᠵᠢᢈᠦ᠂ ᢈᠥᠳᠡᠯᠮᠦᠷᠢ ᠡᠷᢈᠢᠯᠡᠯᠲᠡ ᠶ᠋ᠢ ᠨᠡᠮᠡᢉᠳᠡᢉᠦᠯᢈᠦ᠂ ᠵᠧᠨ᠋ᠳᠧᠷ ᠦ᠋ᠨ ᠲᠡᢉᠰᠢ ᠪᠠᠶᠢᠳᠠᠯ ᠢ᠋ ᠬᠠᠩᠭᠠᠬᠤ ᠵᠡᠷᢉᠡ ᠴᠢᢉᠯᠡᠯ ᠢ᠋ᠶᠡᠷ ᠣᠯᠠᠨ ᠦᠷ᠎ᠡ ᠳ᠋ᠦᠩ ᠲᠡᠢ ᠠᠵᠢᠯ ᠢ᠋ ᢈᠡᠷᠡᢉᠵᠢᢉᠦᠯᠦᢉᠰᠡᠨ ᠪᠢᠯᠡ᠃