Хаах

ᠡᠷᠡᢉᠦᠯ ᠮᠡᠨᠳᠦ ᠶ᠋ᠢᠨ ᠰᠢᠨᠵᠢᠯᠡᢈᠦ ᠤᠬᠠᠭᠠᠨ ᠤ᠋ ᠨᠣᠮ ᠤ᠋ᠨ ᠰᠠᠩ ᠠᠰᠢᠭᠯᠠᠯᠲᠠ ᠳ᠋ᠤ ᠣᠷᠤᠯ᠎ᠠ

A- A A+
ᠡᠷᠡᢉᠦᠯ ᠮᠡᠨᠳᠦ ᠶ᠋ᠢᠨ ᠰᠢᠨᠵᠢᠯᠡᢈᠦ ᠤᠬᠠᠭᠠᠨ ᠤ᠋ ᠨᠣᠮ ᠤ᠋ᠨ ᠰᠠᠩ ᠠᠰᠢᠭᠯᠠᠯᠲᠠ ᠳ᠋ᠤ ᠣᠷᠤᠯ᠎ᠠ

ᠠ᠊᠂ ᠰᠢ᠊᠂ ᠤ᠊᠂ ᠦ᠊᠂ ᠶᠡ᠊᠂ ᠰᠤ᠊᠂ ᠶ᠋ᠢᠨ ᠵᠡᢉᠦᠨ ᠬᠣᠲᠠᠬᠠᠨ ᠳ᠋ᠤ ᠡᠷᠡᢉᠦᠯ ᠮᠡᠨᠳᠦ ᠶ᠋ᠢᠨ ᠰᠢᠨᠵᠢᠯᠡᢈᠦ ᠤᠬᠠᠭᠠᠨ ᠤ᠋ ᠨᠣᠮ ᠤ᠋ᠨ ᠰᠠᠩ ᠠᠰᠢᠭᠯᠠᠯᠲᠠ ᠳ᠋ᠤ ᠣᠷᠤᠵᠤ᠂ ᠤᠩᠰᠢᠭᠴᠢᠳ ᠲᠤ ᠡᢉᠦᠳᠡ ᠪᠡᠨ ᠨᠡᢉᠡᢉᠡᠯ᠎ᠡ᠃ ᠨᠡᢉᠡᢉᠡᠯᠲᠡ ᠶ᠋ᠢᠨ ᠦᠶᠢᠯᠡ ᠠᠵᠢᠯᠯᠠᠭᠠᠨ ᠳ᠋ᠤ ᠪᠣᠯᠪᠠᠰᠤᠷᠠᠯ ᠤ᠋ᠨ ᠶᠠᠮᠤᠨ ᠤ᠋ ᠲᠥᠷᠦ ᠶ᠋ᠢᠨ ᠨᠠᠷᠢᠨ ᠪᠢᠴᠢᢉ ᠦ᠋ᠨ ᠳᠠᠷᠤᠭ᠎ᠠ ᠬᠠ᠊᠂ ᠪᠠᠲᠤᠵᠢᠷᠭᠠᠯ᠂ ᠪᠣᠯᠪᠠᠰᠤᠷᠠᠯ ᠤ᠋ᠨ ᠰᠠᠶᠢᠳ ᠤ᠋ᠨ ᠡᠷᠡᢉᠦᠯ ᠮᠡᠨᠳᠦ ᠶ᠋ᠢᠨ ᠪᠣᠯᠪᠠᠰᠤᠷᠠᠯ ᠤ᠋ᠨ ᠠᠰᠠᠭᠤᠳᠠᠯ ᠬᠠᠷᠢᠭᠤᠴᠠᠭᠰᠠᠨ ᠵᠥᠪᠯᠡᢈᠦ ᠣ᠃ᠴᠡᠴᠡᢉᠪᠠᠯ ᠨᠠᠷ ᠣᠷᠤᠯᠴᠠᠪᠠ᠃

ᠠ᠊᠂ ᠰᠢ᠊᠂ ᠤ᠊᠂ ᠦ᠊᠂ ᠶᠡ᠊᠂ ᠰᠤ᠊᠂ ᠠ᠋ᠴᠠ ᠥᠪᠡᠷ ᠦ᠋ᠨ ᢈᠥᠷᠦᠩᢉᠡ ᠣᠷᠤᠭᠤᠯᠤᠯᠲᠠ ᠪᠠᠷ ᠪᠠᠷᠢᠭᠰᠠᠨ ᠤᠭ ᠨᠣᠮ ᠤ᠋ᠨ ᠰᠠᠩ ᠤ᠋ᠨ ᠪᠠᠷᠢᠯᠭ᠎ᠠ ᠨᠢ ᠣᠷᠴᠢᠨ ᠦᠶ᠎ᠡ ᠶ᠋ᠢᠨ ᠢᠨ᠋ᠲ᠋ᠧᠷᠢᠶᠧᠷ ᠦ᠋ᠨ ᠰᠢᠶᠳᠦᠯ ᠲᠡᠢ᠂ ᠳᠥᠷᠪᠡᠨ ᠳᠠᠪᠬᠤᠷ᠂ ᠓᠐᠐᠐ ᠮᠸ.ᠻᠸ ᠲᠠᠯᠠᠪᠠᠢ ᠲᠠᠢ ᠪᠥᢉᠡᠳ ᠨᠢᢉᠡ ᠳᠣᠣᠷ᠎ᠠ ᠔᠘᠐ ᠤᠩᠰᠢᢉᠴᠢ ᢈᠦᠯᠢᠶᠡᠨ ᠠᠪᠬᠤ ᢈᠦᠴᠦᠨ ᠴᠢᠳᠠᠯ ᠲᠠᠢ᠂ ᠒᠔ ᠴᠠᠭ ᠢ᠋ᠶᠠᠷ ᠠᠵᠢᠯᠯᠠᠬᠤ ᠬᠣᠶᠠᠷ ᠤᠩᠰᠢᠯᠭ᠎ᠠ ᠶ᠋ᠢᠨ ᠲᠠᠩᢈᠢᠮ ᠲᠠᠢ᠃ ᠡᢉᠦᠨ ᠳ᠋ᠦ ᠭᠠᠳᠠᠭᠠᠳᠤ ᠨᠣᠮ ᠤ᠋ᠨ ᠤᠩᠰᠢᠯᠭ᠎ᠠ ᠶ᠋ᠢᠨ ᠲᠠᠩᢈᠢᠮ ᠪᠠᠶᠢᠭ᠎ᠠ ᠨᠢ ᠪᠠᠭᠰᠢ᠂ ᠣᠶᠤᠲᠠᠨ ᠨᠤᠭᠤᠳ ᠪᠡᠶ᠎ᠡ ᠳᠠᠭᠠᠭᠠᠨ ᠰᠤᠷᠤᠯᠴᠠᠬᠤ ᠪᠣᠯᠤᠮᠵᠢ ᠶ᠋ᠢ ᠪᠦᠷᠢᠳᠦᢉᠦᠯᠵᠡᠢ᠃ ᠮᠥᠨ ᠬᠤᠷᠠᠯ ᠤ᠋ᠨ ᠲᠠᠩᢈᠢᠮ᠂ ᠮᠦᠯᠲ᠋ᠢᠮᠧᠳᠢᠶ᠎ᠠ ᠥᠷᠦᢉᠡ᠂ ᠴᠠᢈᠢᠮ ᠨᠣᠮ ᠤ᠋ᠨ ᠰᠠᠩ᠂ ᠻᠣᠹᠧ ᠱᠣᠫ᠂ ᠨᠣᠮ ᠰᠡᠯᠪᠢᠨ ᠵᠠᠰᠠᠬᠤ ᠥᠷᠦᢉᠡ ᠵᠡᠷᢉᠡ ᠶ᠋ᠢ ᠴᠣᠭᠴᠠ ᠪᠠᠷ ᠨᠢ ᠪᠠᠶᠢᠭᠤᠯᠵᠤ᠂ ᠣᠶᠤᠲᠠᠨ ᠨᠤᠭᠤᠳ ᠴᠢᠯᠦᢉᠡᠲᠦ ᠴᠠᠭ ᠢ᠋ᠶᠠᠨ ᠥᠩᢉᠡᠷᠡᢉᠡᢈᠦ᠂ ᠡᠷᠳᠡᠮ ᠰᠢᠨᠵᠢᠯᠡᢉᠡᠨ ᠦ᠋ ᠠᠵᠢᠯ᠂ ᠰᠤᠳᠤᠯᠭ᠎ᠠ ᢈᠢᢈᠦ ᠲᠠᠭᠠᠲᠠᠢ ᠣᠷᠴᠢᠨ ᠪᠤᠢ ᠪᠣᠯᠤᠭᠰᠠᠨ ᠪᠠᠶᠢᠨ᠎ᠠ᠃