Хаах

ᠻᠠᠷᠢᠶᠧᠷ ᠰᠣᠩᠭᠤᠯᠲᠠ ᠶ᠋ᠢᠨ ᠲᠥᠰᠦᠯ ᠢ᠋ ᠡᠨᠡ ᢈᠢᠴᠢᠶᠡᠯ ᠦ᠋ᠨ ᠵᠢᠯ ᠳ᠋ᠦ ᠪᠠᠭᠲᠠᠭᠠᠨ ᠙ ᠠᠩᢉᠢ ᠨᠤᠭᠤᠳ ᠲᠤ ᢈᠡᠷᠡᢉᠵᠢᢉᠦᠯᠦᠨ᠎ᠡ

A- A A+
ᠻᠠᠷᠢᠶᠧᠷ ᠰᠣᠩᠭᠤᠯᠲᠠ ᠶ᠋ᠢᠨ ᠲᠥᠰᠦᠯ ᠢ᠋ ᠡᠨᠡ ᢈᠢᠴᠢᠶᠡᠯ ᠦ᠋ᠨ ᠵᠢᠯ ᠳ᠋ᠦ ᠪᠠᠭᠲᠠᠭᠠᠨ ᠙ ᠠᠩᢉᠢ ᠨᠤᠭᠤᠳ ᠲᠤ ᢈᠡᠷᠡᢉᠵᠢᢉᠦᠯᠦᠨ᠎ᠡ

ᠪᠣᠯᠪᠠᠰᠤᠷᠠᠯ ᠤ᠋ᠨ ᠰᠠᠶᠢᠳ ᠤ᠋ᠨ ᠰᠢᠭᠤᠷᠬᠠᠢ ᠬᠤᠷᠠᠯᠳᠤᠭᠠᠨ ᠪᠣᠯᠵᠤ ᠬᠠᠷᠢᠶ᠎ᠠ ᠪᠠᠶᠢᠭᠤᠯᠤᠯᠭ᠎ᠠ᠂ ᠭᠠᠵᠠᠷ᠂ ᢈᠡᠯᠲᠡᠰ ᠦ᠋ᠳ ᢈᠡᠷᠡᢉᠵᠢᠵᠦ ᠪᠤᠢ ᠠᠵᠢᠯ ᠤ᠋ᠳ ᠤ᠋ᠨ ᠦᠶᠢᠯᠡ ᠶᠠᠪᠤᠴᠠ᠂ ᠴᠠᠭ ᠦᠶ᠎ᠡ ᠶ᠋ᠢᠨ ᠠᠰᠠᠭᠤᠳᠠᠯ ᠢ᠋ᠶᠠᠷ ᠮᠡᠳᠡᢉᠡᠯᠡᠯ ᠥᠭᠭᠦᠯ ᠡ᠃

᠒᠐᠒᠔ ᠣᠨ ᠤ᠋ ᠗ ᠰᠠᠷ᠎ᠠ ᠶ᠋ᠢᠨ ᠒᠒ ᠡᠴᠡ ᠬᠣᠶᠢᠰᠢ ᠵᠢᠷᠭᠤᠭᠠᠨ ᠤᠳᠠᠭ᠎ᠠ ᠶ᠋ᠢᠨ ᠰᠢᠭᠤᠷᠬᠠᠢ ᠬᠤᠷᠠᠯᠳᠤᠭᠠᠨ ᠢ᠋ᠶᠠᠷ ᠪᠣᠯᠪᠠᠰᠤᠷᠠᠯ ᠤ᠋ᠨ ᠰᠠᠶᠢᠳ ᠠ᠋ᠴᠠ ᠬᠠᠷᠢᠶ᠎ᠠ ᠨᠢᢉᠡᠴᠡ ᠨᠦ᠋ᢉᠦᠳ ᠲᠦ ᠨᠡᠶᠢᠲᠡ ᠕᠓ ᠡᢉᠦᠷᢉᠡ ᠳᠠᠭᠠᠭᠠᠯᠭᠠᠪᠤᠷᠢ ᠥᢉᢉᠦᢉᠰᠡᠨ ᠪᠠᠶᠢᠨ᠎ᠠ᠃ ᠡᢉᠦᠨ ᠡᠴᠡ ᠓᠘ ᠨᠢ ᠪᠦᠷᠢᠨ ᢈᠡᠷᠡᢉᠵᠢᢉᠰᠡᠨ᠂ ᠑᠕ ᠨᠢ ᢈᠡᠷᠡᢉᠵᠢᢈᠦ ᠱᠠᠲᠤᠨ ᠳ᠋ᠤ ᠪᠤᠶᠤ ᠗᠐ ᠬᠤᠪᠢ ᠶ᠋ᠢᠨ ᢉᠦᠶᠢᠴᠡᠳᢈᠡᠯ ᠲᠡᠢ ᠪᠠᠶᠢᠭ᠎ᠠ ᠶᠤᠮ᠃ ᠲᠤᠬᠠᠶᠢᠯᠠᠪᠠᠯ᠂ ᠪᠠᠭᠰᠢ᠂ ᠤᠳᠤᠷᠢᠳᠬᠤ ᠠᠵᠢᠯᠲᠠᠨ ᠢ᠋ ᠰᠢᠯᠵᠢᢉᠦᠯᠦᠨ ᠠᠵᠢᠯᠯᠠᠭᠤᠯᠬᠤ ᠵᠢᠷᠤᠮ ᠤ᠋ᠨ ᠲᠥᠰᠦᠯ ᠳ᠋ᠦ ᠲᠥᠷᠦ ᠶ᠋ᠢᠨ ᠠᠯᠪᠠᠨ ᠤ᠋ ᠵᠥᠪᠯᠡᠯ ᠡᠴᠡ ᠰᠠᠨᠠᠯ ᠢᠷᠡᢉᠦᠯᠦᠮᠡᢉᠴᠡ ᠡᠴᠦᠰᠯᠡᠨ ᠪᠠᠲᠤᠯᠠᠨ᠎ᠠ᠃ ᠮᠥᠨ ᠪᠠᠭᠰᠢ ᠨᠠᠷ ᠤ᠋ᠨ ᢉᠦᠢᠴᠡᠳᢈᠡᠯ ᠦ᠋ᠨ ᠦᠨᠡᠯᠡᢉᠡ ᠶ᠋ᠢ ᠥᠪᠡᠷ ᠦ᠋ᠨ ᠦᠨᠡᠯᠡᢉᠡᠨ ᠳ᠋ᠦ ᠰᠢᠯᠵᠢᢉᠦᠯᢈᠦ ᠪᠡᠷ ᠵᠢᠷᠤᠮ ᠤ᠋ᠨ ᠲᠥᠰᠦᠯ ᠢ᠋ ᠪᠡᠯᠡᠳᢈᠡᠵᠦ ᠪᠠᠶᠢᠨ᠎ᠠ᠃

ᠰᠢᠭᠤᠷᠬᠠᠢ ᠬᠤᠷᠠᠯᠳᠤᠭᠠᠨ ᠤ᠋ ᠲᠡᢉᠦᠰᢈᠡᠯ ᠳ᠋ᠦ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠳᠠᠷᠠᠭᠠᢈᠢ ᠠᠵᠢᠯ ᠤ᠋ᠳ ᠢ᠋ ᠬᠣᠯᠪᠤᠭᠳᠠᠬᠤ ᠠᠯᠪᠠᠨ ᠤ᠋ ᢈᠢᠨ ᠳ᠋ᠤ ᠳᠠᠭᠠᠭᠠᠯᠭᠠᠪᠠ᠃ ᠡᢉᠦᠨ ᠳ᠋ᠦ:

ᠥᠪᠡᠷ ᠦ᠋ᠨ ᢈᠦᠰᠡᠯᠲᠡ ᠪᠡᠷ ᠰᠢᠯᠵᠢᠨ ᠠᠵᠢᠯᠯᠠᠬᠤ ᠪᠠᠭᠰᠢ ᠨᠠᠷ ᠪᠣᠯᠤᠨ ᠑᠐ ᠠ᠋ᠴᠠ ᠳᠡᢉᠡᢉᠰᠢ ᠵᠢᠯ ᠨᠢᢉᠡ ᠰᠤᠷᠭᠠᠭᠤᠯᠢ ᠳ᠋ᠤ ᠠᠵᠢᠯᠯᠠᠭᠰᠠᠨ ᠵᠠᢈᠢᠷᠤᠯ ᠤ᠋ᠳ ᠤ᠋ᠨ ᠰᠤᠳᠤᠯᠭ᠎ᠠ ᠶ᠋ᠢ ᠭᠠᠷᠭᠠᠬᠤ;
ᠻᠠᠷᠢᠶᠧᠷ ᠰᠣᠩᠭᠤᠯᠲᠠ ᠶ᠋ᠢᠨ ᠲᠥᠰᠦᠯ ᠢ᠋ ᠡᠨᠡ ᢈᠢᠴᠢᠶᠡᠯ ᠦ᠋ᠨ ᠵᠢᠯ ᠳ᠋ᠦ ᠪᠠᠭᠲᠠᠭᠠᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠙ ᠠᠩᢉᠢ ᠨᠤᠭᠤᠳ ᠲᠤ ᢈᠡᠷᠡᢉᠵᠢᢉᠦᠯᢈᠦ᠂ ᠲᠥᠷᠦ ᠶ᠋ᠢᠨ ᠪᠤᠰᠤ ᠪᠠᠶᠢᠭᠤᠯᠤᠯᠭ᠎ᠠ ᠨᠤᠭᠤᠳ ᠲᠠᠢ ᠬᠠᠮᠲᠤᠷᠠᠨ ᠠᠵᠢᠯᠯᠠᠬᠤ;
ᠨᠡᠶᠢᢉᠡᠮ ᠦ᠋ᠨ ᠪᠦᢈᠦ ᠲᠥᠯᠦᢉᠡᠯᠡᠯ ᠢ᠋ ᠣᠷᠤᠯᠴᠠᠭᠤᠯᠬᠤ ᠪᠠᠶᠢᠳᠠᠯ ᠢ᠋ᠶᠠᠷ ᠪᠣᠯᠪᠠᠰᠤᠷᠠᠯ ᠤ᠋ᠨ ᠦᠨᠳᠦᠰᠦᠨ ᠦ᠋ ᠵᠥᠪᠯᠡᠯ ᠦ᠋ᠨ ᢉᠡᠰᠢᢉᠦᠳ ᠢ᠋ ᠰᠢᠨᠡᠴᠢᠯᠡᠨ ᠪᠠᠶᠢᠭᠤᠯᠬᠤ ᠰᠤᠳᠤᠯᠭ᠎ᠠ ᠶ᠋ᠢ ᠡᢈᠢᠯᠡᢉᠦᠯᢈᠦ;
ᠰᠠᠩᢈᠦᠦ ᠶ᠋ᠢᠨ ᠰᠠᢈᠢᠯᠭ᠎ᠠ ᠠᠯᠳᠠᠵᠤ᠂ ᠪᠠᠭᠰᠢ ᠶ᠋ᠢ ᠬᠠᠤᠯᠢ ᠪᠤᠰᠤ ᠪᠠᠷ ᠠᠵᠢᠯ ᠠ᠋ᠴᠠ ᠬᠠᠯᠠᠬᠤ ᠵᠥᠷᠢᠴᠡᠯ ᠭᠠᠷᠭᠠᠭᠰᠠᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠵᠠᢈᠢᠷᠤᠯ ᠢ᠋ ᠴᠢᠯᠦᢉᠡᠯᠡᠵᠦ᠂ ᠰᠣᠩᠭᠤᠨ ᠰᠢᠯᠭᠠᠷᠠᠭᠤᠯᠤᠯᠲᠠ ᠶ᠋ᠢ ᠶᠠᠭᠠᠷᠠᠯᠲᠠᠢ ᠵᠠᠷᠯᠠᠬᠤ᠃