Хаах

ᠪᠣᠯᠪᠠᠰᠤᠷᠠᠯ ᠤ᠋ᠨ ᠴᠢᠨᠠᠷ ᠤ᠋ᠨ ᠢᠯᠭᠠᠭ᠎ᠠ ᠶ᠋ᠢ ᠠᠷᠢᠯᠭᠠᠬᠤ ᠴᠢᢉᠯᠡᠯ ᠢ᠋ᠶᠡᠷ ᠳᠡᠯᠡᢈᠡᠢ ᠶ᠋ᠢᠨ ᠪᠠᠩᠻᠢ ᠲᠠᠢ ᠬᠠᠮᠲᠤᠷᠠᠨ᠎ᠠ

A- A A+
ᠪᠣᠯᠪᠠᠰᠤᠷᠠᠯ ᠤ᠋ᠨ ᠴᠢᠨᠠᠷ ᠤ᠋ᠨ ᠢᠯᠭᠠᠭ᠎ᠠ ᠶ᠋ᠢ ᠠᠷᠢᠯᠭᠠᠬᠤ ᠴᠢᢉᠯᠡᠯ ᠢ᠋ᠶᠡᠷ ᠳᠡᠯᠡᢈᠡᠢ ᠶ᠋ᠢᠨ ᠪᠠᠩᠻᠢ ᠲᠠᠢ ᠬᠠᠮᠲᠤᠷᠠᠨ᠎ᠠ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠳᠡᠯᠡᢈᠡᠢ ᠶ᠋ᠢᠨ ᠪᠠᠩᠻᠢ ᠶ᠋ᠢᠨ ᠮᠣᠩᠭᠣᠯ ᠳ᠋ᠠᢈᠢ ᠰᠠᠭᠤᠷᠢᠨ ᠲᠥᠯᠦᢉᠡᠯᠡᢉᠴᠢ ᠲᠠᠶᠧᢈᠦᠨ ᠯᠢ᠂ ᠵᠡᢉᠦᠨ ᠡᠮᠦᠨ᠎ᠡᠳ᠋ᠦ ᠠᠽᠢ᠂ ᠨᠣᠮᠤᠬᠠᠨ ᠳᠠᠯᠠᠢ ᠶ᠋ᠢᠨ ᠪᠦᠰᠡ ᠶ᠋ᠢᠨ ᠪᠣᠯᠪᠠᠰᠤᠷᠠᠯ ᠤ᠋ᠨ ᠰᠠᠯᠪᠤᠷᠢ ᠬᠠᠷᠢᠭᠤᠴᠠᠭᠰᠠᠨ ᠮᠧᠨᠧᠵᠧᠷ ᠻᠷᠢᠰᠲ᠋ᠢᠶᠠᠨ ᠠᠧᠳᠦ᠋ ᠲᠡᠷᠢᢉᠦᠲᠡᠢ ᠪᠠᠭ ᠪᠦᠷᠢᠯᠳᠦᢈᠦᠨ ᠢ᠋ ᢈᠦᠯᠢᠶᠡᠨ ᠠᠪᠴᠤ ᠠᠭᠤᠯᠵᠠᠨ᠂ ᠬᠠᠮᠲᠤ ᠶ᠋ᠢᠨ ᠠᠵᠢᠯᠯᠠᠭᠠᠨ ᠤ᠋ ᠲᠠᠯ᠎ᠠ ᠪᠠᠷ ᠰᠠᠨᠠᠯ ᠰᠣᠯᠢᠯᠴᠠᠯ᠎ᠠ᠃

ᠮᠣᠩᠭᠣᠯ ᠤᠯᠤᠰ ᠑᠙᠙᠑ ᠣᠨ ᠳ᠋ᠤ ᠳᠡᠯᠡᢈᠡᠢ ᠶ᠋ᠢᠨ ᠪᠠᠩᠻᠢ ᠶ᠋ᠢᠨ ᢉᠡᠰᠢᢉᠦᠨ ᠢ᠋ᠶᠡᠷ ᠡᠯᠰᠡᠨ ᠣᠷᠤᠵᠤ᠂ ᠒᠐᠐᠖ ᠣᠨ ᠠ᠋ᠴᠠ ᠪᠣᠯᠪᠠᠰᠤᠷᠠᠯ ᠤ᠋ᠨ ᠰᠠᠯᠪᠤᠷᠢ ᠳ᠋ᠤ ᠬᠠᠮᠲᠤᠷᠠᠨ ᠠᠵᠢᠯᠯᠠᠵᠤ ᠡᢈᠢᠯᠡᢉᠰᠡᠨ᠃ ᠪᠣᠯᠪᠠᠰᠤᠷᠠᠯ ᠤ᠋ᠨ ᠶᠠᠮᠤᠨ ᠪᠣᠯᠤᠨ ᠳᠡᠯᠡᢈᠡᠢ ᠶ᠋ᠢᠨ ᠪᠠᠩᠻᠢ ᠶ᠋ᠢᠨ ᠬᠠᠮᠲᠤ ᠶ᠋ᠢᠨ ᠠᠵᠢᠯᠯᠠᠭᠠᠨ ᠤ᠋ ᢈᠦᠷᠢᠶᠡᠨ ᠳ᠋ᠦ 《ᠪᠣᠯᠪᠠᠰᠤᠷᠠᠯ ᠤ᠋ᠨ ᠴᠢᠨᠠᠷ ᠤ᠋ᠨ ᠰᠢᠨᠡᠴᠢᠯᠡᠯ》᠂ 《ᠣᠷᠤᠨ ᠨᠤᠲᠤᠭ ᠤ᠋ᠨ ᠥᠰᠪᠦᠷᠢ ᠦᠶ᠎ᠡ ᠶ᠋ᠢᠨ ᢈᠢᠨ ᠳ᠋ᠦ ᠬᠤᠪᠢ ᢈᠦᠮᠦᠨ ᠦ᠋ ᠤᠷ᠎ᠠ ᠴᠢᠳᠠᠪᠤᠷᠢ᠂ ᠡᠨ᠋ᠲ᠋ᠷᠧᠫᠷᠧᠨᠧᠷᠱᠢᠫ ᠪᠣᠯᠪᠠᠰᠤᠷᠠᠯ ᠣᠯᠭᠤᠬᠤ》ᠵᠡᠷᢉᠡ ᠲᠣᠮᠤᠬᠠᠨ ᠲᠥᠰᠦᠯ ᠦ᠋ᠳ ᠢ᠋ ᢈᠡᠷᠡᢉᠵᠢᢉᠦᠯᠵᠦ ᠪᠠᠶᠢᠨ᠎ᠠ᠃ ᠲᠡᢉᠦᠨᠴᠢᠯᠡᠨ ᠒᠐᠒᠒ ᠣᠨ ᠳ᠋ᠤ ᠮᠣᠩᠭᠣᠯ ᠤᠯᠤᠰ ᠠᠩᠬ᠎ᠠ ᠤᠳᠠᠭ᠎ᠠ PISA ᠦᠨᠡᠯᠡᢉᠡᠨ ᠳ᠋ᠦ ᠣᠷᠤᠬᠤ ᠳ᠋ᠤ ᠳᠡᠯᠡᢈᠡᠢ ᠶ᠋ᠢᠨ ᠪᠠᠩᠻᠢ ᠠ᠋ᠴᠠ ᠰᠠᠩᢈᠦᠦ ᠶ᠋ᠢᠨ ᠳᠡᠮᠵᠢᠯᢉᠡ ᠦᠵᠡᢉᠦᠯᠦᢉᠰᠡᠨ ᠶᠤᠮ᠃

ᠠᠭᠤᠯᠵᠠᠯᠲᠠ ᠳ᠋ᠤ ᠣᠷᠤᠯᠴᠠᠭᠰᠠᠨ ᠲᠥᠯᠦᢉᠡᠯᠡᠯ ᠦ᠋ᠳ ᠳᠡᠯᠡᢈᠡᠢ ᠶ᠋ᠢᠨ ᠪᠠᠩᠻᠢ ᠪᠣᠯᠤᠨ ᠪᠣᠯᠪᠠᠰᠤᠷᠠᠯ ᠤ᠋ᠨ ᠶᠠᠮᠤᠨ ᠤ᠋ ᠣᠯᠠᠨ ᠵᠢᠯ ᠦ᠋ᠨ ᠦᠷ᠎ᠡ ᠳ᠋ᠦᠩ ᠲᠡᠢ ᠬᠠᠮᠲᠤ ᠶ᠋ᠢᠨ ᠠᠵᠢᠯᠯᠠᠭ᠎ᠠ ᠶ᠋ᠢ ᠴᠠᠭᠠᠰᠢᠳᠠ ᠢᠯᠡᢉᠦᠦ ᠨᠢᠭᠲᠠ ᠦᠷᢉᠦᠯᠵᠢᠯᠡᢉᠦᠯᠦᠨ᠎ᠡ ᢉᠡᠳᠡᢉ ᠢ᠋ᠶᠡᠨ ᠢᠯᠡᠷᢈᠡᠶᠢᠯᠡᢈᠦ ᠶ᠋ᠢᠨ ᠵᠡᠷᢉᠡᠴᠡᢉᠡ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠤ᠋ᠨ ᠒᠐᠒᠔ ᠒᠐᠒᠘ ᠣᠨ ᠤ᠋ ᠦᠶᠢᠯᠡ ᠠᠵᠢᠯᠯᠠᠭᠠᠨ ᠤ᠋ ᢈᠥᠲᠦᠯᠪᠦᠷᠢ ᠳ᠋ᠦ ᠲᠤᠰᠬᠠᠭᠰᠠᠨ ᠠᠷᠭ᠎ᠠ ᢈᠡᠮᠵᠢᠶ᠎ᠡ ᠶ᠋ᠢ ᠬᠠᠮᠲᠤᠷᠠᠨ ᢈᠡᠷᠡᢉᠵᠢᢉᠦᠯᢈᠦ ᠪᠣᠯᠤᠮᠵᠢ ᠶ᠋ᠢ ᠶᠠᠷᠢᠯᠴᠠᠪᠠ᠃ ᠮᠥᠨ ᠴᠠᠭᠠᠰᠢᠳᠠ ᠬᠣᠲᠠ᠂ ᢈᠥᠳᠡᢉᠡᠨ ᠦ᠋ ᠪᠣᠯᠪᠠᠰᠤᠷᠠᠯ ᠤ᠋ᠨ ᠴᠢᠨᠠᠷ ᠤ᠋ᠨ ᠢᠯᠭᠠᠭ᠎ᠠ ᠶ᠋ᠢ ᠠᠷᠢᠯᠭᠠᠬᠤ᠂ ᠪᠣᠯᠪᠠᠰᠤᠷᠠᠯ ᠤ᠋ᠨ ᠰᠠᠯᠪᠤᠷᠢ ᠶ᠋ᠢᠨ ᠴᠠᢈᠢᠮ ᠰᠢᠯᠵᠢᠯᠲᠡ ᠶ᠋ᠢ ᠡᠷᠴᠢᠮᠵᠢᢉᠦᠯᢈᠦ ᠳ᠋ᠦ ᠬᠠᠮᠲᠤᠷᠠᠨ ᠠᠵᠢᠯᠯᠠᠬᠤ᠂ ᠡᢉᠦᠨ ᠦ᠋ ᠲᠤᠯᠠᠳᠠ ᠶᠠᠷᠢᠶ᠎ᠠ ᢈᠡᠯᠡᠯᠴᠡᢉᠡ ᢈᠢᢈᠦ ᠱᠠᠭᠠᠷᠳᠠᠯᠭ᠎ᠠ ᠲᠠᠢ ᠶ᠋ᠢ ᠣᠨᠴᠠᠯᠠᠯ᠎ᠠ᠃

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ《ᠳᠡᠯᠡᢈᠡᠢ ᠶ᠋ᠢᠨ ᠪᠠᠩᠻᠢ ᠶ᠋ᠢᠨ ᠦᠨᠳᠦᠰᠦᠨ ᠵᠣᠷᠢᠯᠭ᠎ᠠ ᠪᠣᠯᠬᠤ ᠶᠠᠳᠠᠭᠤᠷᠠᠯ ᠢ᠋ ᠪᠠᠭᠤᠷᠠᠭᠤᠯᠬᠤ ᠶ᠋ᠢᠨ ᠭᠣᠣᠯ ᠲᠦᠯᢈᠢᢉᠦᠷ ᠨᠢ ᠪᠣᠯᠪᠠᠰᠤᠷᠠᠯ᠂ ᠪᠣᠯᠪᠠᠰᠤᠷᠠᠯ ᠤ᠋ᠨ ᠰᠠᠭᠤᠷᠢ ᠨᠢ ᠲᠡᢉᠰᠢ ᢈᠦᠷᠲᠡᢉᠡᠮᠵᠢ ᠪᠠᠶᠢᠳᠠᠭ᠃ ᠰᠠᠶᠢᠨ ᠪᠠᠭᠰᠢ᠂ ᠰᠠᠶᠢᠨ ᠰᠤᠷᠭᠠᠭᠤᠯᠢ ᠶ᠋ᠢ ᠮᠣᠩᠭᠣᠯ ᠤᠯᠤᠰ ᠤ᠋ᠨ ᠥᠨᠴᠦᢉ ᠪᠤᠯᠤᠩ ᠪᠦᠷᠢ ᠳ᠋ᠦ ᠪᠤᠢ ᠪᠣᠯᠭᠠᠭᠰᠠᠨ ᠢ᠋ᠶᠠᠷ ᠪᠣᠯᠪᠠᠰᠤᠷᠠᠯ ᠤ᠋ᠨ ᠲᠦᠪᠰᠢᠨ ᠨᠡᠶᠢᠲᠡ ᠪᠡᠷ ᠢ᠋ᠶᠡᠨ ᠰᠠᠶᠢᠵᠢᠷᠠᠨ᠎ᠠ》ᢈᠡᠮᠡᠵᠦ᠂ ᢈᠥᠳᠡᢉᠡ᠂ ᠣᠷᠤᠨ ᠨᠤᠲᠤᠭ ᠲᠤ ᠰᠠᠶᠢᠨ ᠰᠤᠷᠭᠠᠭᠤᠯᠢ᠂ ᠰᠠᠶᠢᠨ ᠰᠤᠷᠭᠠᠯᠲᠠ ᠶ᠋ᠢᠨ ᠠᠭᠤᠯᠭ᠎ᠠ᠂ ᠰᠠᠶᠢᠨ ᠪᠠᠭᠰᠢ ᠶ᠋ᠢ ᢈᠦᠷᢈᠡᢈᠦ᠂ ᠨᠡᢉᠦᠳᠡᠯ ᠦ᠋ᠨ ᠰᠣᠶᠤᠯ ᠳ᠋ᠤ ᠲᠣᢈᠢᠷᠠᠭᠰᠠᠨ ᠰᠤᠷᠭᠠᠭᠤᠯᠢ ᠶ᠋ᠢ ᠪᠤᠢ ᠪᠣᠯᠭᠠᠬᠤ᠂ ᠮᠠᠯᠴᠢᠳ ᠤ᠋ᠨ ᢈᠡᠦᢈᠡᠳ ᠳᠣᠲᠤᠭᠤᠷ ᠪᠠᠶᠢᠷᠢᠨ ᠠ᠋ᠴᠠ ᠪᠤᠰᠤ ᢉᠡᠷ ᠡᠴᠡ ᠪᠡᠨ ᠰᠤᠷᠭᠠᠭᠤᠯᠢ ᠳ᠋ᠤ ᠪᠠᠨ ᠶᠠᠪᠤᠬᠤ ᠪᠣᠯᠤᠮᠵᠢ ᠶ᠋ᠢ ᠪᠦᠷᠢᠳᠦᢉᠦᠯᢈᠦ ᠳ᠋ᠦ ᠬᠠᠮᠲᠤᠷᠠᠨ ᠠᠵᠢᠯᠯᠠᠬᠤ ᠶ᠋ᠢ ᢈᠦᠰᠡᠨ᠂ ᠶᠡᠷᠦᠩᢈᠡᠢ ᠪᠣᠯᠪᠠᠰᠤᠷᠠᠯ ᠤ᠋ᠨ ᠰᠠᠯᠪᠤᠷᠢ ᠳ᠋ᠤ ᠲᠣᠮᠤᠬᠠᠨ ᠲᠥᠰᠦᠯ ᢈᠡᠷᠡᢉᠵᠢᢉᠦᠯᢈᠦ ᠠᠭᠤᠯᠵᠠᠯᠲᠠ᠂ ᢈᠡᠯᠡᠯᠴᠡᢉᠦᠯᢉᠡ ᠶ᠋ᠢ ᠡᢈᠢᠯᠡᢉᠦᠯᢈᠦ ᠲᠠᠯ ᠠ ᠪᠠᠷ ᢈᠡᠯᠡᠯᠴᠡᠪᠡ᠃