Хаах

《ᠴᠢᠨᠠᠷ ᠲᠠᠢ ᠪᠣᠯᠪᠠᠰᠤᠷᠠᠯ ᠢ᠋ ᠳᠡᠮᠵᠢᢈᠦ》ᠵᠣᠷᠢᠯᠲᠠ ᠶ᠋ᠢ ᠰᠤᠷᠲᠠᠯᠴᠢᠯᠠᠬᠤ ᠠᠶᠠᠨ ᠡᢈᠢᠯᠡᠯ᠎ᠡ

A- A A+
《ᠴᠢᠨᠠᠷ ᠲᠠᠢ ᠪᠣᠯᠪᠠᠰᠤᠷᠠᠯ ᠢ᠋ ᠳᠡᠮᠵᠢᢈᠦ》ᠵᠣᠷᠢᠯᠲᠠ ᠶ᠋ᠢ ᠰᠤᠷᠲᠠᠯᠴᠢᠯᠠᠬᠤ ᠠᠶᠠᠨ ᠡᢈᠢᠯᠡᠯ᠎ᠡ

ᠪᠣᠯᠪᠠᠰᠤᠷᠠᠯ ᠤ᠋ᠨ ᠶᠠᠮᠤᠨ᠂ ᠨᠢ᠊᠂ ᠦ᠊᠂ ᠪᠠ᠊᠂ ᠤᠨ ᢈᠡᠦᢈᠡᠳ ᠦ᠋ᠨ ᠰᠠᠩ ᠬᠠᠮᠲᠤᠷᠠᠨ 《ᠲᠣᠭᠲᠠᠪᠤᠷᠢ ᠲᠠᠢ ᢈᠥᢉᠵᠢᠯ ᠦ᠋ᠨ ᠵᠣᠷᠢᠯᠲᠠ ᠔᠆ ᠶ᠋ᠢᠨ ᠲᠥᠯᠦᢉᠡ ᠪᠢᠳᠡ ᠬᠠᠮᠲᠤ ᠳᠤ ᠪᠠᠨ》 ᠠᠶᠠᠨ ᠢ᠋ ᠒᠐᠒᠔ ᠣᠨ ᠤ᠋ ᠙ ᠰᠠᠷ᠎ᠠ ᠶ᠋ᠢ ᠳᠠᠭᠤᠰᠲᠠᠯ᠎ᠠ ᠵᠣᢈᠢᠶᠠᠨ ᠪᠠᠶᠢᠭᠤᠯᠵᠤ ᠪᠠᠶᠢᠨ᠎ᠠ᠃

 

ᠲᠣᠭᠲᠠᠪᠤᠷᠢ ᠲᠠᠢ ᢈᠥᢉᠵᠢᠯ ᠦ᠋ᠨ ᠵᠣᠷᠢᠯᠲᠠ ᠔ ᠪᠤᠶᠤ 《ᠴᠢᠨᠠᠷ ᠲᠠᠢ ᠪᠣᠯᠪᠠᠰᠤᠷᠠᠯ ᠢ᠋ ᠳᠡᠮᠵᠢᢈᠦ》ᠵᠣᠷᠢᠯᠲᠠ ᠶ᠋ᠢᠨ ᠲᠠᠯ ᠠ ᠪᠠᠷ ᠮᠡᠳᠡᠯᢉᠡ ᠣᠶᠢᠯᠠᠭᠠᠯᠲᠠ᠂ ᠮᠡᠳᠡᢉᠡᠯᠡᠯ ᠢ᠋ ᠰᠤᠷᠤᠭᠴᠢ᠂ ᠡᠴᠢᢉᠡ ᠡᢈᠡ᠂ ᠠᠰᠠᠷᠠᠨ ᠬᠠᠮᠠᠭᠠᠯᠠᠭᠴᠢ᠂ ᠪᠠᠭᠰᠢ ᠠᠵᠢᠯᠲᠠᠨ ᠨᠤᠭᠤᠳ ᠲᠤ ᠰᠤᠷᠲᠠᠯᠴᠢᠯᠠᠵᠤ᠂ ᠡᠨᠡ ᠵᠣᠷᠢᠯᠲᠠ ᠶ᠋ᠢ ᠪᠡᠶᠡᠯᠡᢉᠦᠯᢈᠦ ᠳ᠋ᠦ ᢈᠦᠮᠦᠨ ᠪᠦᠷᠢ ᠶ᠋ᠢᠨ ᠢᠳᠡᠪᢈᠢ ᠴᠢᠷᠮᠠᠶᠢᠯᠲᠠ᠂ ᠣᠯᠠᠨ ᠲᠠᠯ᠎ᠠ ᠶ᠋ᠢᠨ ᠬᠠᠮᠲᠤ ᠶ᠋ᠢᠨ ᠠᠵᠢᠯᠯᠠᠭ᠎ᠠ ᠴᠢᠬᠤᠯᠠ ᢉᠡᠳᠡᢉ ᠢ᠋ ᠣᠶᠢᠯᠠᠭᠠᠭᠤᠯᠬᠤ ᠳ᠋ᠤ ᠡᠨᠡ ᢈᠦ ᠠᠶᠠᠨ ᠤ᠋ ᠵᠣᠷᠢᠯᠭ᠎ᠠ ᠣᠷᠤᠰᠢᠨ᠎ᠠ᠃

 

ᠠᠶᠠᠨ ᠤ᠋ ᢈᠦᠷᠢᠶᠡᠨ ᠳ᠋ᠦ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᢈᠢᠴᠢᠶᠡᠯ ᠡᠴᠡ ᠭᠠᠳᠠᠭᠤᠷᢈᠢ ᠦᠶᠢᠯᠡ ᠠᠵᠢᠯᠯᠠᠭᠠᠨ ᠤ᠋ ᢈᠥᠲᠦᠯᠪᠦᠷᠢ ᠳ᠋ᠦ ᠲᠣᠭᠲᠠᠪᠤᠷᠢ ᠲᠠᠢ ᢈᠥᢉᠵᠢᠯ ᠦ᠋ᠨ ᠵᠣᠷᠢᠯᠲᠠ ᠔ ᠶ᠋ᠢᠨ ᠠᠭᠤᠯᠭ᠎ᠠ ᠶ᠋ᠢ ᠲᠤᠰᠬᠠᠵᠤ᠂ ᢈᠡᠷᠡᢉᠵᠢᢉᠦᠯᢈᠦ᠂ ᠪᠣᠯᠪᠠᠰᠤᠷᠠᠯ ᠤ᠋ᠨ ᠠᠴᠢ ᠬᠣᠯᠪᠤᠭᠳᠠᠯ ᠤ᠋ᠨ ᠲᠠᠯ᠎ᠠ ᠪᠠᠷ ᢈᠡᠦᢈᠡᠳ᠂ ᠵᠠᠯᠠᠭᠤᠰ᠂ ᠣᠯᠠᠨ ᠨᠡᠶᠢᠲᠡ ᠳ᠋ᠦ ᠰᠤᠷᠲᠠᠯᠴᠢᠯᠠᠨ ᠲᠠᠨᠢᠭᠤᠯᠬᠤ ᠶᠤᠮ᠃ ᠮᠥᠨ ᠮᠣᠩᠭᠣᠯ ᠤ᠋ᠨ ᢈᠡᠦᢈᠡᠳ ᠦ᠋ᠨ ᠵᠥᠪᠯᠡᠯ ᠲᠡᠢ ᠬᠠᠮᠲᠤᠷᠠᠨ ᠴᠢᠨᠠᠷᠲᠠᠢ᠂ ᠲᠡᢉᠰᠢ ᠪᠣᠯᠪᠠᠰᠤᠷᠠᠯ ᠤ᠋ᠨ ᠲᠠᠯ ᠠ ᠪᠠᠷ ᢈᠡᠯᠡᠯᠴᠡᢉᠦᠯᢉᠡ ᠵᠣᢈᠢᠶᠠᠨ ᠪᠠᠶᠢᠭᠤᠯᠵᠤ᠂ ᢈᠡᠦᢈᠡᠳ ᠵᠠᠯᠠᠭᠤᠰ ᠤ᠋ᠨ ᠰᠠᠨᠠᠯ ᠪᠣᠳᠤᠯ ᠢ᠋ ᠰᠣᠨᠤᠰᠬᠤ ᠠ᠋ᠴᠠ ᠭᠠᠳᠠᠨ᠎ᠠ ᠪᠣᠯᠪᠠᠰᠤᠷᠠᠯ ᠤ᠋ᠨ ᠰᠠᠯᠪᠤᠷᠢ ᠳ᠋ᠤ ᠲᠤᠯᠭᠠᠮᠳᠠᠵᠤ ᠪᠤᠢ ᠠᠰᠠᠭᠤᠳᠠᠯ᠂ ᠴᠠᠭᠠᠰᠢᠳᠠ ᢈᠡᠷᠡᢉᠵᠢᢉᠦᠯᢈᠦ ᠪᠣᠳᠤᠯᠭ᠎ᠠ ᠴᠢᢉᠯᠡᠯ ᠦ᠋ᠨ ᠲᠠᠯ ᠠ ᠪᠠᠷ ᠰᠠᠯᠪᠤᠷᠢ ᠶ᠋ᠢᠨ ᢈᠡᠯᠡᠯᠴᠡᢉᠦᠯᢉᠡ ᢈᠢᠨ᠎ᠡ᠃

 

ᠮᠣᠩᠭᠤᠯ ᠤᠯᠤᠰ ᠲᠣᠭᠲᠠᠪᠤᠷᠢ ᠲᠠᠢ ᢈᠥᢉᠵᠢᠯ ᠦ᠋ᠨ ᠵᠣᠷᠢᠯᠲᠠ ᠔ ᠪᠤᠶᠤ 《ᠴᠢᠨᠠᠷ ᠲᠠᠢ ᠪᠣᠯᠪᠠᠰᠤᠷᠠᠯ ᠢ᠋ ᠳᠡᠮᠵᠢᢈᠦ》ᠵᠣᠷᠢᠯᠲᠠ ᠶ᠋ᠢ ᢈᠡᠷᠡᢉᠵᠢᢉᠦᠯᢈᠦ ᠶ᠋ᠢᠨ ᠲᠤᠯᠠᠳᠠ ᠣᠯᠠᠨ ᠤᠯᠤᠰ ᠤ᠋ᠨ ᠪᠠᠶᠢᠭᠤᠯᠤᠯᠭ᠎ᠠ᠂ ᠲᠡᠷᠡ ᠳᠤᠮᠳᠠ ᠪᠠᠨ ᠨᠢ᠊᠂ ᠦ᠊᠂ ᠪᠠ᠊᠂ ᠢᠢᠨ ᢈᠡᠦᢈᠡᠳ ᠦ᠋ᠨ ᠰᠠᠩ ᠲᠠᠢ ᠪᠣᠯᠪᠠᠰᠤᠷᠠᠯ ᠤ᠋ᠨ ᠴᠢᠨᠠᠷ ᠢ᠋ ᠰᠠᠶᠢᠵᠢᠷᠠᠭᠤᠯᠬᠤ᠂ ᠰᠤᠷᠭᠠᠭᠤᠯᠢ ᠶ᠋ᠢᠨ ᠡᠮᠦᠨᠡᢈᠢ ᠪᠣᠯᠪᠠᠰᠤᠷᠠᠯ ᠤ᠋ᠨ ᢈᠦᠷᠲᠡᢉᠡᠮᠵᠢ ᠶ᠋ᠢ ᠨᠡᠮᠡᢉᠳᠡᢉᠦᠯᢈᠦ᠂ ᠪᠣᠯᠪᠠᠰᠤᠷᠠᠯ ᠤ᠋ᠨ ᠰᠠᠯᠪᠤᠷᠢ ᠶ᠋ᠢᠨ ᠴᠠᢈᠢᠮ ᠰᠢᠯᠵᠢᠯᠲᠡ ᠶ᠋ᠢ ᠡᠷᠴᠢᠮᠵᠢᢉᠦᠯᢈᠦ ᠴᠢᢉᠯᠡᠯ ᠢ᠋ᠶᠡᠷ ᠬᠠᠮᠲᠤᠷᠠᠨ ᠠᠵᠢᠯᠯᠠᠳᠠᠭ᠃ ᠴᠠᠭᠠᠰᠢᠳᠠ ᠵᠡᢉᠦᠨ ᠠᠽᠢ᠂ ᠨᠣᠮᠤᠬᠠᠨ ᠳᠠᠯᠠᠢ ᠶ᠋ᠢᠨ ᠪᠦᠰᠡ ᠨᠤᠲᠤᠭ ᠤ᠋ᠨ ᠣᠷᠤᠨ ᠨᠤᠭᠤᠳ ᠲᠠᠢ ᠬᠠᠷᠢᠴᠠᠭᠤᠯᠵᠤ᠂ ᠡᠷᠴᠢᠮᠵᠢᢉᠦᠯᢈᠦ ᠠᠷᠭ᠎ᠠ ᢈᠡᠮᠵᠢᠶ᠎ᠡ᠂ ᠪᠣᠳᠤᠯᠭ᠎ᠠ ᠲᠥᠯᠦᠪᠯᠡᠯᠲᠡ ᠶ᠋ᠢ ᠭᠠᠷᠭᠠᠬᠤ ᠳᠡᢉᠡᠳᠦ ᢈᠡᠮᠵᠢᠶᠡᠨ ᠦ ᠴᠢᠭᠤᠯᠭᠠᠨ ᠵᠣᢈᠢᠶᠠᠨ ᠪᠠᠶᠢᠭᠤᠯᠬᠤ ᠪᠠᠷ ᠲᠥᠯᠦᠪᠯᠡᠵᠦ ᠪᠠᠶᠢᠨ᠎ᠠ᠃