Хаах

ᢈᠥᠳᠡᠯᢉᠡᢉᠡᠨ ᠵᠠᠰᠠᠯ ᠤ᠋ᠨ ᠮᠡᠷᢉᠡᠵᠢᠯ ᠦ᠋ᠨ ᢈᠥᠲᠦᠯᠪᠦᠷᠢ ᠳ᠋ᠦ ᠳᠡᠮᠵᠢᠯᢉᠡ ᠦᠵᠡᢉᠦᠯᠦᠨ᠎ᠡ

A- A A+
ᢈᠥᠳᠡᠯᢉᠡᢉᠡᠨ ᠵᠠᠰᠠᠯ ᠤ᠋ᠨ ᠮᠡᠷᢉᠡᠵᠢᠯ ᠦ᠋ᠨ ᢈᠥᠲᠦᠯᠪᠦᠷᠢ ᠳ᠋ᠦ ᠳᠡᠮᠵᠢᠯᢉᠡ ᠦᠵᠡᢉᠦᠯᠦᠨ᠎ᠡ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠮᠣᠩᠭᠣᠯ ᠤᠯᠤᠰ ᠤ᠋ᠨ ᠵᠢᠦ᠋ᠳᠤ ᠪᠥᢈᠡ ᠶ᠋ᠢᠨ ᠰᠢᢉᠰᠢᢉᠡ ᠪᠠᠭ ᠤ᠋ᠨ ᠲᠧᠷᠠᠫᠢᠰᠲ ᠮᠠᠰᠠᠲ᠋ᠤᠱᠢ ᠨᠢᠱᠢᠻᠢᠳ᠋ᠦ᠋᠂ ᠲᠣᠻᠢᠦ᠋ ᠠᠷᠢᠶᠠᠻᠧ ᠶᠡᢈᠡ ᠰᠤᠷᠭᠠᠭᠤᠯᠢ ᠶ᠋ᠢᠨ ᠫᠷᠣᠹᠧᠰᠰᠣᠷ᠂ ᠠ᠊᠂ ᠰ᠊᠂ ᠤ᠊᠂ ᠦ᠊᠂ ᠢ᠊᠂ ᠰ᠊᠂ ᠶ᠋ᠢᠨ ᠵᠣᠴᠢᠨ ᠫᠷᠤᠹᠧᠰᠰᠤᠷ ᠨᠣᠪᠤᠶᠧᠰᠢ ᠻᠦᠮᠧ᠂ ᠮᠣᠩᠭᠤᠯ ᠠᠨᠠᠭᠠᠬᠤ ᠤᠬᠠᠭᠠᠨ ᠤ᠋ ᠣᠯᠠᠨ ᠤᠯᠤᠰ ᠤ᠋ᠨ ᠰᠤᠷᠭᠠᠭᠤᠯᠢ ᠶ᠋ᠢᠨ ᠲᠢᠩᢈᠢᠮ ᠦ᠋ᠨ ᠡᠷᢈᠢᠯᠡᢉᠴᠢ ᠭ᠂ ᠮᠥᠩᢈᠡᠵᠤᠯᠠ᠂ ᠫᠷᠤᠹᠧᠰᠰᠤᠷ ᠳ᠂ ᠴᠡᠩᠳᠦ ᠊ ᠠᠶᠤᠰᠢ ᠨᠠᠷ ᠢ ᢈᠦᠯᠢᠶᠡᠨ ᠠᠪᠴᠤ ᠠᠭᠤᠯᠵᠠᠨ᠂ ᢈᠥᠳᠡᠯᢉᠡᢉᠡᠨ ᠵᠠᠰᠠᠯ ᠤ᠋ᠨ ᢈᠥᠲᠦᠯᠪᠦᠷᠢ ᠶ᠋ᠢᠨ ᠲᠠᠯ᠎ᠠ ᠪᠠᠷ ᠶᠠᠷᠢᠯᠴᠠᠪᠠ᠃

ᠮᠠᠰᠠᠲ᠋ᠣᠱᠢ ᠨᠢᠰᠢᠻᠢᠳ᠋ᠣ ᠨᠢ ᠠ᠊᠂ ᠰ᠊᠂ ᠤ᠊᠂ ᠦ᠊᠂ ᠢ᠊᠂ ᠰ᠊᠂ ᠶ᠋ᠢᠨ ᠮᠣᠩᠭᠣᠯ ᠠᠨᠠᠭᠠᠬᠤ ᠤᠬᠠᠭᠠᠨ ᠤ᠋ ᠣᠯᠠᠨ ᠤᠯᠤᠰ ᠤ᠋ᠨ ᠰᠤᠷᠭᠠᠭᠤᠯᠢ ᠶ᠋ᠢᠨ ᠤᠯᠠᠮᠵᠢᠯᠠᠯᠲᠤ ᠪᠠᠷᠢᠶ᠎ᠠ ᠵᠠᠰᠠᠯ ᠤ᠋ᠨ ᠲᠢᠩᢈᠢᠮ ᠳ᠋ᠦ ᠪᠠᠭᠰᠢᠯᠠᠳᠠᠭ ᠠ᠋ᠴᠠ ᠭᠠᠳᠠᠨ᠎ᠠ 《ᠫᠠᠷᠢᠰ ᠒᠐᠒᠔》ᠣᠯᠢᠮᠫ ᠤ᠋ᠨ ᠨᠠᠭᠠᠳᠤᠮ ᠳ᠋ᠤ ᠮᠣᠩᠭᠣᠯ ᠤᠯᠤᠰ ᠤ᠋ᠨ ᠵᠢᠦ᠋ᠳᠦ᠋ ᠪᠥᢈᠡ ᠶ᠋ᠢᠨ ᠦᠨᠳᠦᠰᠦᠨ ᠦ᠋ ᠰᠢᢉᠰᠢᢉᠡ ᠪᠠᠭ ᠪᠣᠯᠤᠨ ᠮᠥᠩᢉᠦᠨ ᠮᠧᠳᠠᠯᠲᠤ ᠪ᠊᠂ ᠪᠠᠰᠠᠩᢈᠦ᠋ᠦ ᠲᠠᠮᠢᠷᠴᠢᠨ ᠤ᠋ ᠲᠧᠷᠠᠫᠢᠰᠲ ᠢ᠋ᠶᠠᠷ ᠠᠵᠢᠯᠯᠠᠵᠡᠢ᠃ ᠬᠠᠷᠢᠨ ᠠᠨᠠᠭᠠᠬᠤ ᠤᠬᠠᠭᠠᠨ ᠤ᠋ ᠳ᠋ᠣᠻᠲ᠋ᠣᠷ ᠨᠣᠪᠤᠶᠧᠰᠢ ᠻᠦᠮᠧ ᠨᠢ ᠲᠣᠻᠢᠦ᠋ ᠠᠷᠢᠶᠠᠻᠧ ᠶᠡᢈᠡ ᠰᠤᠷᠭᠠᠭᠤᠯᠢ ᠶ᠋ᠢᠨ ᠵᠢᠦᠳᠦ᠋ ᠪᠠᠷᠢᠶ᠎ᠠ ᠵᠠᠰᠠᠯ ᠤ᠋ᠨ ᠲᠢᠩᢈᠢᠮ ᠳ᠋ᠦ ᠪᠠᠭᠰᠢᠯᠠᠳᠠᠭ ᠪᠥᢉᠡᠳ ᠤᠯᠠᠮᠵᠢᠯᠠᠯᠲᠤ ᠠᠨᠠᠭᠠᠬᠤ ᠤᠬᠠᠭᠠᠨ ᠤ᠋ ᠵᠠᠰᠠᠯ ᠤ᠋ᠨ ᠲᠠᠯ ᠠ ᠪᠠᠷ ᠮᠡᠳᠡᢉᠡᠯᠡᠯ ᠥᢉᠴᠦ᠂ ᠤᠭ ᢈᠥᠲᠦᠯᠪᠦᠷᠢ ᠳ᠋ᠦ ᠳᠡᠮᠵᠢᠯᢉᠡ ᠦᠵᠡᢉᠦᠯᠵᠦ ᠥᢉᢈᠦ ᠶ᠋ᠢ ᢈᠦᠰᠡᠵᠦ ᠪᠤᠢ ᠪᠠᠨ ᠢᠯᠡᠷᢈᠡᠶᠢᠯᠡᠯ᠎ᠡ᠃

ᠰᠫᠣᠷᠲ ᠤ᠋ᠨ ᠠᠨᠠᠭᠠᠬᠤ ᠤᠬᠠᠭᠠᠨ ᠪᠤᠶᠤ ᠪᠡᠷᠲᠡᠯ ᢉᠡᠮᠲᠦᠯ ᠦ᠋ᠨ ᠡᠮᠴᠢᠯᠡᢉᠡ᠂ ᢈᠥᠳᠡᠯᢉᠡᢉᠡᠨ ᠵᠠᠰᠠᠯ ᠨᠢ ᠴᠢᠬᠤᠯᠠ ᠠᠴᠢ ᠬᠣᠯᠪᠤᠭᠳᠠᠯ ᠲᠠᠢ ᠲᠤᠯᠠ ᠶᠠᠮᠤᠨ ᠤ᠋ ᠵᠦᢉ ᠡᠴᠡ ᠳᠡᠮᠵᠢᠨ ᠠᠵᠢᠯᠯᠠᠨ᠎ᠠ ᢉᠡᠳᠡᢉ ᠢ᠋ ᠪᠣᠯᠪᠠᠰᠤᠷᠠᠯ ᠤ᠋ᠨ ᠰᠠᠶᠢᠳ ᢈᠡᠯᠡᠪᠡ᠃ ᠮᠥᠨ ᠡᠨᠡ ᠴᠢᢉᠯᠡᠯ ᠦ᠋ᠨ ᠮᠡᠷᢉᠡᠵᠢᠯᠲᠡᠨ ᠨᠦ᠋ᢉᠦᠳ ᠪᠣᠯᠪᠠᠰᠤᠷᠠᠯ ᠤ᠋ᠨ ᠵᠢᢉᠡᠯᠡ ᠶ᠋ᠢᠨ ᠰᠠᠩ ᠢ᠋ᠶᠠᠷ ᠶᠠᠫᠤᠨ ᠤᠯᠤᠰ ᠲᠤ ᠮᠠᢉᠢᠰᠲ᠋ᠷ ᠤ᠋ᠨ ᠰᠤᠷᠭᠠᠯᠲᠠ ᠳ᠋ᠤ ᠬᠠᠮᠤᠷᠤᠭᠳᠠᠬᠤ ᠪᠣᠯᠤᠮᠵᠢ ᠶ᠋ᠢ ᠰᠤᠳᠤᠯᠵᠤ᠂ ᠤᠶᠠᠯᠳᠤᠭᠠᠲᠠᠢ ᠠᠵᠢᠯᠯᠠᠬᠤ ᠶ᠋ᠢ ᠬᠣᠯᠪᠤᠭᠳᠠᠬᠤ ᠠᠯᠪᠠᠨ ᠤ᠋ ᢈᠢᠨ ᠳ᠋ᠤ ᠳᠠᠭᠠᠭᠠᠯᠭᠠᠯ᠎ᠠ᠃

ᠠ᠊᠂ ᠰ᠊᠂ ᠤ᠊᠂ ᠦ᠊᠂ ᠢ᠊᠂ ᠰ᠊᠂ ᠠᠴᠠ ᠶᠠᠫᠤᠨ ᠤᠯᠤᠰ ᠤ᠋ᠨ ᠲᠣᠻᠢᠦ᠋ ᠠᠷᠢᠶᠠᠻᠧ ᠶᠡᢈᠡ ᠰᠤᠷᠭᠠᠭᠤᠯᠢ ᠲᠠᠢ ᠬᠠᠮᠲᠤᠷᠠᠨ ᠤᠯᠠᠮᠵᠢᠯᠠᠯᠲᠤ ᠠᠨᠠᠭᠠᠬᠤ ᠤᠬᠠᠭᠠᠨ ᠤ᠋ ᠵᠠᠰᠠᠯ ᠤ᠋ᠨ ᠴᠢᢉᠯᠡᠯ ᠢᠢᠡᠷ ᠪᠠᠻᠠᠯᠠᠸᠷ ᠤ᠋ᠨ ᠪᠣᠯᠪᠠᠰᠤᠷᠠᠯ ᠲᠠᠢ ᠮᠡᠷᢉᠡᠵᠢᠯᠲᠡᠨ ᠪᠡᠯᠡᠳᢈᠡᢈᠦ ᠬᠠᠮᠲᠤᠷᠠᠭᠰᠠᠨ ᠰᠤᠷᠭᠠᠯᠲᠠ ᠶ᠋ᠢᠨ ᠣᠯᠠᠨ ᠤᠯᠤᠰ ᠤ᠋ᠨ ᢈᠥᠲᠦᠯᠪᠦᠷᠢ ᠶ᠋ᠢ ᠒᠐᠑᠖ ᠣᠨ ᠠᠴᠠ ᢈᠡᠷᠡᢉᠵᠢᢉᠦᠯᠵᠦ ᠡᢈᠢᠯᠡᢉᠰᠡᠨ ᠪᠥᢉᠡᠳ ᠲᠡᢉᠦᠰᠦᢉᠴᠢᠳ ᠨᠢ ᠪᠦᢉᠦᠳᠡ ᠡᠷᠡᢉᠦᠯ ᠮᠡᠨᠳᠦ᠂ ᠪᠣᠯᠪᠠᠰᠤᠷᠠᠯ᠂ ᠰᠫᠤᠷᠲ ᠤ᠋ᠨ ᠰᠠᠯᠪᠤᠷᠢ ᠳ᠋ᠤ ᠠᠵᠢᠯᠯᠠᠵᠤ ᠪᠠᠶᠢᠭ᠎ᠠ ᠶᠤᠮ᠃ ᠮᠥᠨ ᠲᠣᠻᠢᠣ᠋ ᠠᠷᠢᠶᠠᠻᠧ ᠶᠡᢈᠡ ᠰᠤᠷᠭᠠᠭᠤᠯᠢ ᠶ᠋ᠢᠨ ᠪᠠᠭᠰᠢ᠂ ᠫᠷᠤᠹᠧᠰᠰᠤᠷ ᠤ᠋ᠳ ᢈᠢᠴᠢᠶᠡᠯ ᠦ᠋ᠨ ᠵᠢᠯ ᠳ᠋ᠦ ᠬᠣᠶᠠᠷ ᠤᠳᠠᠭ᠎ᠠ ᠮᠣᠩᠭᠣᠯ ᠳ᠋ᠤ ᠢᠷᠡᠵᠦ ᠵᠢᠦ᠋ᠳᠦ᠋ ᠪᠠᠷᠢᠶ᠎ᠠ ᠵᠠᠰᠠᠯ ᠤ᠋ᠨ ᠮᠡᠷᢉᠡᠵᠢᠯ ᠦ᠋ᠨ ᢈᠢᠴᠢᠶᠡᠯ ᠵᠢᠭᠠᠨ᠂ ᠣᠶᠤᠲᠠᠨ ᠨᠤᠭᠤᠳ ᠨᠢ ᠡᠮᠨᠡᠯ ᠵᠦᠢ ᠶ᠋ᠢᠨ ᠳᠠᠳᠤᠯᠭ᠎ᠠ ᢈᠢᠳᠡᢉ ᠪᠠᠶᠢᠨ᠎ᠠ᠃