Хаах

ᠪᠠᠭᠰᠢ᠂ ᠠᠵᠢᠯᠲᠠᠨ ᠤ᠋ ᠠᠵᠢᠯᠯᠠᠬᠤ ᠣᠷᠴᠢᠨ ᠤ᠋ ᠰᠲ᠋ᠠᠨ᠋ᠳᠠᠷᠲ ᠢ᠋ ᠪᠠᠲᠤᠯᠠᠵᠤ᠂ ᢈᠡᠷᠡᢉᠵᠢᢉᠦᠯᠦᠨ᠎ᠡ

A- A A+
ᠪᠠᠭᠰᠢ᠂ ᠠᠵᠢᠯᠲᠠᠨ ᠤ᠋ ᠠᠵᠢᠯᠯᠠᠬᠤ ᠣᠷᠴᠢᠨ ᠤ᠋ ᠰᠲ᠋ᠠᠨ᠋ᠳᠠᠷᠲ ᠢ᠋ ᠪᠠᠲᠤᠯᠠᠵᠤ᠂ ᢈᠡᠷᠡᢉᠵᠢᢉᠦᠯᠦᠨ᠎ᠡ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠒᠐᠒᠓᠆ ᠒᠐᠒᠔ ᠣᠨ ᠳ᠋ᠤ ᠪᠣᠯᠪᠠᠰᠤᠷᠠᠯ ᠤ᠋ᠨ ᠶᠠᠮᠤᠨ ᠪᠣᠯᠤᠨ ᠻᠸᠮᠪᠷᠢᠳ᠋ᠵᠢ ᠶ᠋ᠢᠨ ᠵᠥᠪᠯᠡᢈᠦ ᠪᠠᠭ ᠠ᠋ᠴᠠ ᠬᠠᠮᠲᠤᠷᠠᠨ ᢈᠡᠷᠡᢉᠵᠢᢉᠦᠯᠦᢉᠰᠡᠨ ᠦᠶᠢᠯᠡ ᠠᠵᠢᠯᠯᠠᠭᠠᠨ ᠤ᠋ ᢈᠡᠷᠡᢉᠵᠢᠯᠲᠡ᠂ ᠦᠷ᠎ᠡ ᠳ᠋ᠦᠩ ᠲᠡᠢ ᠲᠠᠨᠢᠯᠴᠠᠪᠠ᠃

ᠪᠣᠯᠪᠠᠰᠤᠷᠠᠯ ᠤ᠋ᠨ ᠶᠠᠮᠤᠨ ᠪᠣᠯᠤᠨ ᠻᠸᠮᠪᠷᠢᠳ᠋ᠵᠢ ᠶ᠋ᠢᠨ ᠵᠥᠪᠯᠡᢈᠦ ᠪᠠᠭ ᠨᠢ ᠒᠐᠒᠓ ᠒᠐᠒᠔ ᠣᠨ ᠳ᠋ᠤ ᠰᠤᠷᠭᠠᠯᠲᠠ ᠶ᠋ᠢᠨ ᢈᠥᠲᠦᠯᠪᠦᠷᠢ᠂ ᠰᠤᠷᠬᠤ ᠪᠢᠴᠢᢉ ᠦ᠋ᠨ ᠰᠢᠨᠡᠴᠢᠯᠡᠯ᠂ ᠪᠠᠭᠰᠢ ᠶ᠋ᠢᠨ ᢈᠥᢉᠵᠢᠯ᠂ ᠪᠠᠭᠰᠢ ᠪᠡᠯᠡᠳᢈᠡᢈᠦ ᠲᠣᠭᠲᠠᠯᠴᠠᠭ᠎ᠠ᠂ ᠲᠥᠷᠦᠯᠵᠢᢉᠰᠡᠨ ᠠᠬᠠᠯᠠᠬᠤ ᠰᠤᠷᠭᠠᠭᠤᠯᠢ ᠶ᠋ᠢᠨ ᠴᠢᢉᠯᠡᠯ ᠢ᠋ᠶᠡᠷ ᠬᠠᠮᠲᠤᠷᠠᠨ ᠠᠵᠢᠯᠯᠠᠵᠤ᠂ ᠲᠣᠳᠤᠷᠬᠠᠢ ᠦᠷ᠎ᠡ ᠳ᠋ᠦᠩ ᠳ᠋ᠦ ᢈᠦᠷᠦᢉᠰᠡᠨ᠃ ᠡᠶᠢᠮᠦ ᠳ᠋ᠦ ᠴᠠᠭᠠᠰᠢᠳᠠ ᠪᠠᠨ ᠡᠮᠦᠨᠡᢈᠢ ᢈᠢᠵᠦ᠂ ᢈᠡᠷᠡᢉᠵᠢᢉᠦᠯᠦᢉᠰᠡᠨ ᠠᠵᠢᠯ ᠤ᠋ᠳ ᠢ᠋ ᠦᠷ᠎ᠡ ᠳ᠋ᠦᠩ ᠲᠡᠢ ᠪᠡᠷ ᠦᠷᢉᠦᠯᠵᠢᠯᠡᢉᠦᠯᢈᠦ᠂ ᠵᠠᠷᠢᠮ ᠠᠵᠢᠯ ᠢ᠋ ᠳᠠᠭᠤᠰᠬᠠᠪᠤᠷᠢ ᠪᠣᠯᠭᠠᠬᠤ᠂ ᠪᠠᠭᠰᠢ ᠪᠡᠯᠡᠳᢈᠡᢈᠦ ᠲᠣᠭᠲᠠᠯᠴᠠᠭ᠎ᠠ ᠶ᠋ᠢ ᠰᠢᠨᠡᠴᠢᠯᠡᢈᠦ᠂ ᠪᠠᠭᠰᠢ᠂ ᠠᠵᠢᠯᠲᠠᠨ ᠤ᠋ ᠠᠵᠢᠯᠯᠠᠬᠤ ᠣᠷᠴᠢᠨ ᠤ᠋ ᠰᠲ᠋ᠠᠨ᠋ᠳᠠᠷᠲ ᠢ᠋ ᠪᠠᠲᠤᠯᠠᠵᠤ᠂ ᢈᠡᠷᠡᢉᠵᠢᢉᠦᠯᢈᠦ ᠪᠡᠷ ᠰᠢᠶᠳᠪᠦᠷᠢᠯᠡᠪᠡ᠃

ᠲᠡᢉᠦᠨᠴᠢᠯᠡᠨ ᠵᠥᠪᠯᠡᢈᠦ ᠦᠢᠯᠡᠴᠢᠯᠡᢉᠡᠨ ᠦ᠋ ᢈᠦᠷᠢᠶᠡᠨ ᠳ᠋ᠦ ᠻᠸᠮᠪᠷᠢᠳ᠋ᠵᠢ ᠶ᠋ᠢᠨ ᠶᠡᢈᠡ ᠰᠤᠷᠭᠠᠭᠤᠯᠢ ᠶ᠋ᠢᠨ ᠡᠷᠳᠡᠮᠲᠡᠨ᠂ ᠫᠷᠤᠹᠧᠰᠰᠤᠷ ᠤ᠋ᠳ ᠤ᠋ᠨ ᠪᠣᠯᠪᠠᠰᠤᠷᠠᠭᠤᠯᠤᠭᠰᠠᠨ ᠲᠠᠶᠢᠯᠤᠨ᠂ ᠰᠠᠨᠠᠯ᠂ ᠵᠥᠪᠯᠡᠮᠵᠢ ᠶ᠋ᠢ ᠣᠯᠠᠨ ᠨᠡᠶᠢᠲᠡ ᠳ᠋ᠦ ᢈᠦᠷᢈᠡᢈᠦ ᠶ᠋ᠢ ᠪᠣᠯᠪᠠᠰᠤᠷᠠᠯ ᠤ᠋ᠨ ᠰᠠᠶᠢᠳ ᠬᠣᠯᠪᠤᠭᠳᠠᠬᠤ ᠠᠯᠪᠠᠨ ᠤ᠋ ᢈᠢᠨ ᠳ᠋ᠤ ᠳᠠᠭᠠᠭᠠᠯᠭᠠᠯ᠎ᠠ᠃