Хаах

ᠳᠡᠯᠡᢈᠡᠢ ᠶ᠋ᠢᠨ ᠤᠷ᠎ᠠ ᠴᠢᠳᠠᠪᠤᠷᠢ ᠶ᠋ᠢᠨ ᠤᠷᠤᠯᠳᠤᠭᠠᠨ ᠳ᠋ᠤ ᠮᠣᠩᠭᠤᠯ ᠤᠯᠤᠰ ᠤ᠋ᠨ ᠪᠠᠭ ᠳᠣᠯᠤᠭᠠᠨ ᠮᠡᠷᢉᠡᠵᠢᠯ ᠢᠢᠡᠷ ᠣᠷᠤᠯᠴᠠᠨ᠎ᠠ

A- A A+
ᠳᠡᠯᠡᢈᠡᠢ ᠶ᠋ᠢᠨ ᠤᠷ᠎ᠠ ᠴᠢᠳᠠᠪᠤᠷᠢ ᠶ᠋ᠢᠨ ᠤᠷᠤᠯᠳᠤᠭᠠᠨ ᠳ᠋ᠤ ᠮᠣᠩᠭᠤᠯ ᠤᠯᠤᠰ ᠤ᠋ᠨ ᠪᠠᠭ ᠳᠣᠯᠤᠭᠠᠨ ᠮᠡᠷᢉᠡᠵᠢᠯ ᠢᠢᠡᠷ ᠣᠷᠤᠯᠴᠠᠨ᠎ᠠ

ᠡᠨᠡ ᠰᠠᠷ᠎ᠠ ᠶ᠋ᠢᠨ ᠑᠐ ᠤ᠋ ᠬᠣᠭᠤᠷᠤᠨᠳᠤ ᠪᠦᢉᠦᠳᠡ ᠨᠠᠶᠢᠷᠠᠮᠳᠠᠬᠤ ᠹᠷᠠᠨ᠋ᠼ ᠤᠯᠤᠰ ᠤ᠋ᠨ ᠯᠢᠤᠨ ᠬᠣᠲᠠᠨ᠎ᠠ ᠪᠣᠯᠬᠤ ᠳᠡᠯᠡᢈᠡᠢ ᠶ᠋ᠢᠨ ᠤᠷ᠎ᠠ ᠴᠢᠳᠠᠪᠤᠷᠢ ᠶ᠋ᠢᠨ ᠤᠷᠤᠯᠳᠤᠭᠠᠨ ᠳ᠋ᠤ ᠣᠷᠤᠯᠴᠠᠬᠤ ᠮᠣᠩᠭᠣᠯ ᠤᠯᠤᠰ ᠤ᠋ᠨ ᠪᠠᠭ ᠲᠤ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠠᠮᠵᠢᠯᠲᠠ ᢈᠦᠰᠡᠵᠦ᠂ ᠲᠥᠷᠦ ᠶ᠋ᠢᠨ ᠳᠠᠯᠪᠠᠭ᠎ᠠ ᠶ᠋ᠢ ᠭᠠᠷᠳᠠᠭᠤᠯᠪᠠ᠃

ᠮᠡᠷᢉᠡᠵᠢᠯ ᠦ᠋ᠨ ᠪᠣᠯᠪᠠᠰᠤᠷᠠᠯ ᠤ᠋ᠨ ᠰᠠᠯᠪᠤᠷᠢ ᠶ᠋ᠢᠨ ᠣᠯᠢᠮᠫ ᢈᠡᠮᠡᢉᠳᠡᠳᠡᢉ ᠲᠤᠰ ᠤᠷᠤᠯᠳᠤᠭᠠᠨ ᠬᠣᠶᠠᠷ ᠵᠢᠯ ᠲᠤᠲᠤᠮ ᠳ᠋ᠤ ᠵᠣᢈᠢᠶᠠᠨ ᠪᠠᠶᠢᠭᠤᠯᠤᠭᠳᠠᠳᠠᠭ᠃ ᠡᠨᠡ ᠤᠳᠠᠭ᠎ᠠ ᠶ᠋ᠢᠨ ᠤᠷᠤᠯᠳᠤᠭᠠᠨ ᠳ᠋ᠤ ᠗᠐ ᠣᠷᠴᠢᠮ ᠤᠯᠤᠰ ᠤ᠋ᠨ ᠑᠕᠐᠐ ᠭᠠᠷᠤᠢ ᠣᠷᠤᠯᠴᠠᠭᠴᠢ ᠕᠙ ᠮᠡᠷᢉᠡᠵᠢᠯ ᠦ᠋ᠨ ᠤᠷ᠎ᠠ ᠴᠢᠳᠠᠪᠤᠷᠢ ᠪᠠᠷ ᠥᠷᠢᠰᠦᠯᠳᠦᠨ᠎ᠡ᠃ ᠬᠠᠷᠢᠨ ᠮᠣᠩᠭᠤᠯ ᠤᠯᠤᠰ ᠠ᠋ᠴᠠ ᠳᠣᠯᠤᠭᠠᠨ ᠲᠠᠮᠢᠷᠴᠢᠨ ᠡᠻᠰᠫᠧᠷᠲ ᠦ᠋ᠳ ᠦ᠋ᠨ ᠬᠠᠮᠲᠤ ᠣᠷᠤᠯᠴᠠᠵᠤ᠂ ᠤᠷ᠎ᠠ ᠴᠢᠳᠠᠪᠤᠷᠢ ᠪᠠᠨ ᠰᠣᠷᠢᠬᠤ ᠶᠤᠮ᠃

ᠮᠣᠩᠭᠣᠯ ᠤᠯᠤᠰ ᠳᠡᠯᠡᢈᠡᠢ ᠶ᠋ᠢᠨ ᠤᠷ᠎ᠠ ᠴᠢᠳᠠᠪᠤᠷᠢ ᠶ᠋ᠢᠨ ᠣᠯᠠᠨ ᠤᠯᠤᠰ ᠤ᠋ᠨ ᠪᠠᠶᠢᠭᠤᠯᠤᠯᠭ᠎ᠠ ᠳ᠋ᠤ ᠒᠐᠑᠔ ᠣᠨ ᠳ᠋ᠤ ᢉᠡᠰᠢᢉᠦᠨ ᠢᠢᠡᠷ ᠡᠯᠰᠡᢉᠰᠡᠨ᠃ ᠲᠡᢉᠦᠨ ᠡᠴᠡ ᠬᠣᠶᠢᠰᠢ ᠲᠤᠰ ᠤᠷᠤᠯᠳᠤᠭᠠᠨ ᠳ᠋ᠤ ᠮᠠᠨ ᠤ᠋ ᠤᠯᠤᠰ ᠤ᠋ᠨ ᠪᠠᠭ ᠲᠠᠰᠤᠷᠠᠯᠲᠠ ᠦᢉᠡᠢ ᠣᠷᠤᠯᠴᠠᠵᠤ᠂ ᠭᠠᠩᠨᠠᠭᠤᠷ ᠢᠢᠠᠷ ᠬᠣᠶᠠᠷ᠂ ᠪᠠᠷᠢᠯᠭ᠎ᠠ ᠶ᠋ᠢᠨ ᠥᠷᠦᢉ ᠤᠭᠰᠠᠷᠠᠯᠲᠠ ᠪᠠᠷ ᠨᠢᢉᠡ ᠤᠳᠠᠭ᠎ᠠ ᠲᠤᠰᠬᠠᠢ ᠪᠠᠶᠢᠷᠢ ᠡᠵᠡᠯᠡᢉᠰᠡᠨ ᠠᠮᠵᠢᠯᠲᠠ ᠦᠵᠡᢉᠦᠯᠵᠦ ᠪᠠᠶᠢᠪᠠ᠃

ᠳᠡᠯᠡᢈᠡᠢ ᠶ᠋ᠢᠨ ᠤᠷ᠎ᠠ ᠴᠢᠳᠠᠪᠤᠷᠢ ᠶ᠋ᠢᠨ ᠔᠗ ᠳ᠋ᠠᢈᠢ ᠤᠷᠤᠯᠳᠤᠭᠠᠨ ᠳ᠋ᠤ ᠮᠣᠩᠭᠣᠯ ᠤᠯᠤᠰ ᠢᠢᠠᠨ ᠲᠥᠯᠦᢉᠡᠯᠡᠨ ᠣᠷᠤᠯᠴᠠᠬᠤ ᠪᠠᠭ ᠤ᠋ᠨ ᠬᠠᠮᠲᠤ ᠣᠯᠠᠨ ᠲᠠ ᠪᠦᢈᠦᠨ ᠳ᠋ᠦ ᠠᠮᠵᠢᠯᠲᠠ ᢈᠦᠰᠡᠶ᠎ᠡ᠃