Хаах

ᠣᠯᠠᠨ ᠤᠯᠤᠰ ᠤ᠋ᠨ ᠢᠨ᠋ᠵᠧᠨᠧᠷ ᠦ᠋ᠨ ᠰᠤᠷᠭᠠᠭᠤᠯᠢ ᠪᠠᠶᠢᠭᠤᠯᠤᠨ᠎ᠠ

A- A A+
ᠣᠯᠠᠨ ᠤᠯᠤᠰ ᠤ᠋ᠨ ᠢᠨ᠋ᠵᠧᠨᠧᠷ ᠦ᠋ᠨ ᠰᠤᠷᠭᠠᠭᠤᠯᠢ ᠪᠠᠶᠢᠭᠤᠯᠤᠨ᠎ᠠ

ᠮᠣᠩᠭᠤᠯ ᠤᠯᠤᠰ᠂ ᠪᠦᢉᠦᠳᠡ ᠨᠠᠶᠢᠷᠠᠮᠳᠠᠬᠤ ᢈᠢᠲᠠᠳ ᠠᠷᠠᠳ ᠤᠯᠤᠰ ᠦ᠋ᠨ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ᠋ ᠗᠕ ᠵᠢᠯ ᠦ᠋ᠨ ᠣᠢ ᠶ᠋ᠢ ᠲᠣᢈᠢᠶᠠᠯᠳᠤᠭᠤᠯᠤᠨ ᠣᠯᠠᠨ ᠤᠯᠤᠰ ᠤ᠋ᠨ ᠢᠨ᠋ᠵᠧᠨᠧᠷ ᠦ᠋ᠨ ᠰᠤᠷᠭᠠᠭᠤᠯᠢ ᠪᠠᠶᠢᠭᠤᠯᠬᠤ ᢉᠡᠷ᠎ᠡ ᠶ᠋ᠢ ᠰᠢ᠊᠂ ᠤ‍᠂ ᠲᠸ᠊᠂ ᠶᠡ᠊᠂ ᠰᠤ᠊᠂ ᠶ᠋ᠢᠨ ᠷᠧᠻᠲ᠋ᠤᠷ ᠲ᠊᠂ ᠨᠠᠮᠨᠠᠩ᠂ ᠪᠦᢉᠦᠳᠡ ᠨᠠᠶᠢᠷᠠᠮᠳᠠᠬᠤ ᢈᠢᠲᠠᠳ ᠠᠷᠠᠳ ᠤᠯᠤᠰ ᠦ᠋ᠨ ᠥᠪᠦᠷ ᠮᠣᠩᠭᠣᠯ ᠤ᠋ᠨ ᠥᠪᠡᠷ ᠲᠦ ᠪᠡᠨ ᠵᠠᠰᠠᠬᠤ ᠣᠷᠤᠨ ᠦ᠋ ᠠᠵᠤ ᠦᠶᠢᠯᠡᠳᠪᠦᠷᠢ ᠶ᠋ᠢᠨ ᠶᠡᢈᠡ ᠰᠤᠷᠭᠠᠭᠤᠯᠢ ᠶ᠋ᠢᠨ ᠨᠠᠮ ᠤ᠋ᠨ ᠬᠣᠷᠢᠶᠠᠨ ᠤ᠋ ᠨᠠᠷᠢᠨ ᠪᠢᠴᠢᢉ ᠦ᠋ᠨ ᠳᠠᠷᠤᠭ᠎ᠠ ᠯᠢ ᠵᠠᠨᠹᠧᠨ ᠨᠠᠷ ᠦᠵᠦᢉᠯᠡᠪᠡ᠃ ᢉᠡᠷ᠎ᠡ ᠪᠠᠶᠢᠭᠤᠯᠬᠤ ᠳ᠋ᠤ ᠪᠣᠯᠪᠠᠰᠤᠷᠠᠯ ᠤ᠋ᠨ ᠰᠠᠶᠢᠳ ᠫ᠊᠂ ᠨᠠᠷᠠᠨᠪᠠᠶᠠᠷ᠂ ᠪᠦᢉᠦᠳᠡ ᠨᠠᠶᠢᠷᠠᠮᠳᠠᠬᠤ ᢈᠢᠲᠠᠳ ᠠᠷᠠᠳ ᠤᠯᠤᠰ ᠦ᠋ᠨ ᠥᠪᠦᠷ ᠮᠣᠩᠭᠣᠯ ᠤ᠋ᠨ ᠥᠪᠡᠷ ᠲᠦ ᠪᠡᠨ ᠵᠠᠰᠠᠬᠤ ᠣᠷᠤᠨ ᠦ᠋ ᠳᠡᠳ᠋ ᠳᠠᠷᠤᠭ᠎ᠠ ᠪᠤᠤ ᠰᠢᠶᠠᠨᠬᠤᠸᠠ᠂ ᠪᠣᠯᠪᠠᠰᠤᠷᠠᠯ ᠤ᠋ᠨ ᠲᠠᠩᢈᠢᠮ ᠤ᠋ᠨ ᠳᠡᠳ᠋ ᠳᠠᠷᠤᠭ᠎ᠠ ᠸᠠᠩ ᠸᠸᠢ ᠲᠡᠷᠢᢉᠦᠲᠡᠢ ᠬᠣᠶᠠᠷ ᠲᠠᠯ᠎ᠠ ᠶ᠋ᠢᠨ ᠲᠥᠯᠦᢉᠡᠯᠡᢉᠴᠢᠳ ᠪᠠᠶᠢᠯᠴᠠᠯ᠎ᠠ᠃

ᢉᠡᠷ᠎ᠡ ᠶ᠋ᠢᠨ ᢈᠦᠷᠢᠶᠡᠨ ᠳ᠋ᠦ ᠰᠢᠨ᠎ᠡ ᠮᠡᠳᠡᠯᢉᠡ᠂ ᠲᠧᠻᠨᠣᠯᠣᢉᠢ ᠶ᠋ᠢ ᢈᠥᢉᠵᠢᢉᠦᠯᢈᠦ᠂ ᠨᠡᠩ ᠱᠠᠭᠠᠷᠳᠠᠯᠭ᠎ᠠ ᠲᠠᠢ ᠪᠠᠶᠢᠭ᠎ᠠ ᠢᠨ᠋ᠵᠧᠨᠧᠷ ᠦ᠋ᠨ ᠴᠢᢉᠯᠡᠯ ᠦ᠋ᠨ ᢈᠦᠮᠦᠨ ᠦ᠋ ᠨᠥᢉᠡᠴᠡ ᠶ᠋ᠢ ᠪᠡᠯᠡᠳᢈᠡᢈᠦ ᠣᠯᠠᠨ ᠤᠯᠤᠰ ᠤ᠋ᠨ ᠢᠨ᠋ᠵᠧᠨᠧᠷ ᠦ᠋ᠨ ᠰᠤᠷᠭᠠᠭᠤᠯᠢ ᠶ᠋ᠢ ᠰᠢᠨ᠎ᠡ ᠵᠠᠭᠤᠨᠮᠤᠳᠤ ᠬᠣᠲᠠ ᠳ᠋ᠤ ᠪᠠᠶᠢᠭᠤᠯᠬᠤ ᠲᠥᠰᠦᠯ ᠢ᠋ ᢈᠡᠷᠡᢉᠵᠢᢉᠦᠯᠦᠨ᠎ᠡ᠃ ᠢᠩᢉᠢᢉᠰᠡᠨ ᠢ᠋ᠶᠡᠷ ᠬᠣᠶᠠᠷ ᠲᠠᠯ᠎ᠠ ᠶ᠋ᠢᠨ ᠪᠣᠯᠪᠠᠰᠤᠷᠠᠯ ᠤ᠋ᠨ ᠬᠠᠮᠲᠤ ᠶ᠋ᠢᠨ ᠠᠵᠢᠯᠯᠠᠭ᠎ᠠ ᠶ᠋ᠢ ᠰᠢᠨ᠎ᠡ ᠱᠠᠲᠤᠨ ᠳ᠋ᠤ ᠭᠠᠷᠭᠠᠵᠤ᠂ ᠪᠦᠰᠡ ᠨᠤᠲᠤᠭ ᠤ᠋ᠨ ᠪᠦᠲᠦᢉᠡᠯᠴᠢ ᠡᠳ᠋ ᠦ᠋ᠨ ᠵᠠᠰᠠᠭ᠂ ᠬᠤᠳᠠᠯᠳᠤᠭᠠᠨ ᠤ᠋ ᠳᠡᠳ᠋ ᠪᠦᠲᠦᠴᠡ ᠶ᠋ᠢ ᠳᠡᠮᠵᠢᢈᠦ ᠳ᠋ᠦ ᠬᠤᠪᠢ ᠨᠡᠮᠡᠷᠢ ᠣᠷᠤᠭᠤᠯᠬᠤ ᠪᠣᠯᠤᠮᠵᠢ ᠪᠦᠷᠢᠳᠴᠦ ᠪᠠᠶᠢᠨ᠎ᠠ᠃