Хаах

ᠪᠣᠯᠪᠠᠰᠤᠷᠠᠯ ᠤ᠋ᠨ ᠴᠠᢈᠢᠮ ᠰᠢᠰᠲ᠋ᠧᠮ ᠦ᠋ᠳ ᠢ᠋ ᠴᠡᢉᠴᠡᠯᠡᠵᠦ᠂ ᠬᠣᠭᠤᠷᠤᠨᠳᠤ ᠶ᠋ᠢᠨ ᠤᠶᠠᠯᠳᠤᠭ᠎ᠠ ᠶ᠋ᠢ ᠰᠠᠶᠢᠵᠢᠷᠠᠭᠤᠯᠤᠨ᠎ᠠ

A- A A+
ᠪᠣᠯᠪᠠᠰᠤᠷᠠᠯ ᠤ᠋ᠨ ᠴᠠᢈᠢᠮ ᠰᠢᠰᠲ᠋ᠧᠮ ᠦ᠋ᠳ ᠢ᠋ ᠴᠡᢉᠴᠡᠯᠡᠵᠦ᠂ ᠬᠣᠭᠤᠷᠤᠨᠳᠤ ᠶ᠋ᠢᠨ ᠤᠶᠠᠯᠳᠤᠭ᠎ᠠ ᠶ᠋ᠢ ᠰᠠᠶᠢᠵᠢᠷᠠᠭᠤᠯᠤᠨ᠎ᠠ

ᠪᠣᠯᠪᠠᠰᠤᠷᠠᠯ ᠤ᠋ᠨ ᠦᠢᠯᠡᠴᠢᠯᠡᢉᠡ ᠶ᠋ᠢ ᠴᠠᢈᠢᠮ ᠢ᠋ᠶᠠᠷ ᠦᠵᠡᢉᠦᠯᠳᠡᢉ ᠓᠐ ᠣᠷᠴᠢᠮ ᠰᠢᠰᠲ᠋ᠧᠮ ᠨᠢ ᠬᠣᠭᠤᠷᠤᠨᠳᠤ ᠪᠠᠨ ᠤᠶᠠᠯᠳᠤᠭ᠎ᠠ ᠦᢉᠡᠢ᠂ ᠵᠠᠮᠪᠠᠷᠠᠭ᠎ᠠ ᠦᢉᠡᠢ ᠪᠠᠶᠢᠭ᠎ᠠ ᠨᠢ ᢈᠡᠷᠡᢉᠯᠡᢉᠴᠢ ᠪᠤᠶᠤ ᠪᠠᠭᠰᠢ᠂ ᠰᠤᠷᠤᠭᠴᠢ᠂ ᠡᠴᠢᢉᠡ ᠡᢈᠡ᠂ ᠠᠰᠠᠷᠠᠨ ᠬᠠᠮᠠᠭᠠᠯᠠᠭᠴᠢᠳ ᠲᠤ ᠴᠠᢈᠢᠮ ᠳᠠᠷᠤᠩᠭᠤᠶᠢᠯᠠᠯ᠂ ᠲᠥᠪᠡᢉᠰᠢᠯ ᠤᠴᠠᠷᠠᠭᠤᠯᠵᠤ ᠪᠠᠶᠢᠨ᠎ᠠ᠃ ᠡᠶᠢᠮᠦ ᠳ᠋ᠦ ᠡᠳᠡᢉᠡᠷ ᠰᠢᠰᠲ᠋ᠧᠮ ᠢ᠋ ᠴᠡᢉᠴᠡᠯᠡᢈᠦ᠂ ᠬᠣᠭᠤᠷᠤᠨᠳᠤ ᠶ᠋ᠢᠨ ᠤᠶᠠᠯᠳᠤᠭ᠎ᠠ᠂ ᠮᠡᠳᠡᢉᠡᠯᠡᠯ ᠰᠣᠯᠢᠯᠴᠠᠭ᠎ᠠ ᠶ᠋ᠢ ᠰᠠᠶᠢᠵᠢᠷᠠᠭᠤᠯᠬᠤ᠂ ᠮᠡᠳᠡᢉᠡᠯᠡᠯ ᠲᠧᠻᠨᠤᠯᠤᢉᠢ ᠶ᠋ᠢᠨ ᠨᠢᢉᠡᠳᠦᢉᠰᠡᠨ ᠢᠨ᠋ᠲ᠋ᠧᠷᠹᠧᠶᠢᠰ ᠠᠷᢈᠢᠲ᠋ᠧᠻᠲ᠋ᠤᠷ ᠢ᠋ ᠪᠣᠯᠪᠠᠰᠤᠷᠠᠭᠤᠯᠬᠤ ᠠᠵᠢᠯ ᠤ᠋ᠨ ᢈᠡᠰᠡᢉ ᠢ᠋ ᠪᠠᠶᠢᠭᠤᠯᠤᠨ ᠠᠵᠢᠯᠯᠠᠵᠤ ᠡᢈᠢᠯᠡᠯ᠎ᠡ᠃ ᠲᠤᠰ ᠠᠵᠢᠯ ᠤ᠋ᠨ ᢈᠡᠰᠡᢉ ᠢ᠋ ᠪᠣᠯᠪᠠᠰᠤᠷᠠᠯ ᠤ᠋ᠨ ᠰᠠᠶᠢᠳ ᠤ᠋ᠨ ᠵᠥᠪᠯᠡᢈᠦ ᠳ᠊᠂ ᠭᠠᠩᠲᠤᠯᠭ᠎ᠠ ᠠᠬᠠᠯᠠᠵᠤ ᠪᠠᠶᠢᠭ᠎ᠠ ᠪᠥᢉᠡᠳ ᠪᠦᠷᠢᠯᠳᠦᢈᠦᠨ ᠳ᠋ᠦ ᠨᠢ ᠲᠥᠷᠦ ᠶ᠋ᠢᠨ ᠪᠣᠯᠤᠨ ᠬᠤᠪᠢ ᠶ᠋ᠢᠨ ᠪᠠᠶᠢᠭᠤᠯᠤᠯᠭ᠎ᠠ ᠨᠤᠭᠤᠳ ᠤ᠋ᠨ ᠔᠐ ᠭᠠᠷᠤᠢ ᠲᠥᠯᠦᢉᠡᠯᠡᠯ ᠪᠠᠭᠲᠠᠵᠤ ᠪᠠᠶᠢᠨ᠎ᠠ᠃

ᠡᠨᠡ ᢈᠦ ᠠᠵᠢᠯ ᠤ᠋ᠨ ᢈᠡᠰᠡᢉ ᠨᠢ ᠪᠣᠯᠪᠠᠰᠤᠷᠠᠯ ᠤ᠋ᠨ ᠰᠠᠯᠪᠤᠷᠢ ᠶ᠋ᠢᠨ ᠦᠶᠢᠯᠡᠴᠢᠯᠡᢉᠡ ᠶ᠋ᠢ ᠵᠠᠳᠠᠯᠤᠨ ᠰᠢᠨᠵᠢᠯᠡᠵᠦ᠂ ᠦᠷ᠎ᠡ ᠳ᠋ᠦᠩ ᠳ᠋ᠦ ᠨᠢ ᠨᠢᢉᠡᠳᠦᢉᠰᠡᠨ ᠣᠶᠢᠯᠠᠭᠠᠯᠲᠠ ᠳ᠋ᠤ ᢈᠦᠷᠴᠦ᠂ ᠲᠥᠷᠦ ᠪᠣᠯᠤᠨ ᠬᠤᠪᠢ ᠶ᠋ᠢᠨ ᢈᠡᠪᠰᠢᠯ ᠦ᠋ᠨ ᠬᠠᠷᠢᠭᠤᠴᠠᠬᠤ ᠦᠶᠢᠯᠡᠴᠢᠯᠡᢉᠡ᠂ ᠠᠵᠢᠯᠯᠠᠬᠤ ᠵᠠᠷᠴᠢᠮ ᠢ᠋ ᠵᠠᠭᠠᠭᠯᠠᠵᠤ᠂ ᠲᠣᠳᠤᠷᠬᠠᠢ ᠪᠣᠯᠭᠠᠨ᠎ᠠ᠃ ᠢᠩᢉᠢᢈᠦ ᠳ᠋ᠦ ᠪᠡᠨ ᠵᠠᠬ᠎ᠠ ᠵᠡᢉᠡᠯᠢ ᠶ᠋ᠢᠨ ᠰᠢᠳᠤᠷᠭᠤ ᠥᠷᠢᠰᠦᠯᠳᠦᢉᠡᠨ ᠢ᠋ ᠳᠡᠮᠵᠢᠵᠦ᠂ ᠮᠣᠩᠭᠤᠯ ᠢᠨ᠋ᠵᠧᠨᠧᠷ ᠦ᠋ᠳ ᠰᠢᠨ᠎ᠡ ᠶ᠋ᠢ ᠰᠠᠨᠠᠭᠠᠴᠢᠯᠠᠬᠤ᠂ ᠳᠡᠯᠡᢈᠡᠢ ᠶ᠋ᠢᠨ ᠲᠧᠻᠨᠣᠯᠣᢉᠢ ᠶ᠋ᠢ ᠨᠤᠲᠤᠭᠰᠢᠭᠤᠯᠬᠤ᠂ ᠰᠡᠳᢈᠢᠨ ᠪᠣᠳᠤᠬᠤ᠂ ᠪᠦᠲᠦᢉᠡᢈᠦ ᠡᠷᢈᠡ ᠴᠢᠯᠦᢉᠡ ᠶ᠋ᠢ ᠬᠠᠩᠭᠠᠬᠤ ᠶᠤᠮ᠃ ᠬᠠᠮᠤᠭ ᠤ᠋ᠨ ᠭᠣᠣᠯ ᠨᠢ ᠻᠣᠮᠫᠠᠨᠢ ᠨᠤᠭᠤᠳ ᠲᠥᠰᠦᠯ ᢈᠡᠷᠡᢉᠵᠢᢉᠦᠯᢈᠦ ᠶ᠋ᠢᠨ ᠲᠤᠯᠠᠳᠠ ᠶᠠᠮᠤᠨ ᠢ᠋ ᠵᠣᠷᠢᠳᠠᠭ ᠪᠢᠰᠢ᠂ ᠰᠤᠷᠭᠠᠭᠤᠯᠢ᠂ ᠪᠠᠭᠰᠢ᠂ ᠰᠤᠷᠤᠭᠴᠢ᠂ ᠡᠴᠢᢉᠡ ᠡᢈᠡ᠂ ᠠᠰᠠᠷᠠᠨ ᠬᠠᠮᠠᠭᠠᠯᠠᠭᠴᠢ ᠶ᠋ᠢᠨ ᢈᠡᠷᠡᢉᠴᠡᢉᠡ ᠱᠠᠭᠠᠷᠳᠠᠯᠭ᠎ᠠ ᠶ᠋ᠢ ᠬᠠᠩᠭᠠᠬᠤ ᠪᠠᠶᠢᠳᠠᠯ ᠢ᠋ᠶᠠᠷ ᠢ᠋ᠶᠠᠨ ᠥᠷᠢᠰᠦᠯᠳᠦᠳᠡᢉ ᠵᠠᠬ᠎ᠠ ᠵᠡᢉᠡᠯᠢ ᠶ᠋ᠢᠨ ᠵᠠᠷᠴᠢᠮ ᠢ᠋ ᠪᠤᠢ ᠪᠣᠯᠭᠠᠬᠤ ᠶ᠋ᠢ ᠵᠣᠷᠢᠵᠤ ᠪᠠᠶᠢᠨ᠎ᠠ᠃