Хаах

ᠭᠠᠳᠠᠭᠠᠳᠤ ᠢᠷᢉᠡᠨ ᠦ᠋ ᠮᠣᠩᠭᠣᠯ ᢈᠡᠯᠡᠨ ᠦ᠋ ᠲᠦᠪᠰᠢᠨ ᠢ᠋ ᠲᠣᠭᠲᠠᠭᠠᠬᠤ ᠰᠢᠯᠭᠠᠯᠲᠠ ᠶ᠋ᠢ ᠥᠷᢉᠡᠵᠢᢉᠦᠯᠦᠨ᠂ ᠠᠯᠪᠠᠵᠢᠭᠤᠯᠤᠨ᠎ᠠ

A- A A+
ᠭᠠᠳᠠᠭᠠᠳᠤ ᠢᠷᢉᠡᠨ ᠦ᠋ ᠮᠣᠩᠭᠣᠯ ᢈᠡᠯᠡᠨ ᠦ᠋ ᠲᠦᠪᠰᠢᠨ ᠢ᠋ ᠲᠣᠭᠲᠠᠭᠠᠬᠤ ᠰᠢᠯᠭᠠᠯᠲᠠ ᠶ᠋ᠢ ᠥᠷᢉᠡᠵᠢᢉᠦᠯᠦᠨ᠂ ᠠᠯᠪᠠᠵᠢᠭᠤᠯᠤᠨ᠎ᠠ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᢈᠡᠯᠡᠨ ᠦ᠋ ᠪᠣᠳᠤᠯᠭ᠎ᠠ ᠶ᠋ᠢᠨ ᠦᠨᠳᠦᠰᠦᠨ ᠦ᠋ ᠵᠥᠪᠯᠡᠯ ᠦ᠋ᠨ ᢉᠡᠰᠢᢉᠦᠨ᠂ ᠠᠷᠠᠳ ᠤ᠋ᠨ ᠪᠠᠭᠰᠢ ᠴ᠊᠂ ᠥᠨᠢᠷᠪᠠᠶᠠᠨ᠂ ᠮᠣ‍᠂ ᠤ‍᠂ ᠶᠡ‍᠂ ᠰᠤ‍᠂ ᠶ᠋ᠢᠨ ᠰᠢᠨᠵᠢᠯᠡᢈᠦ ᠤᠬᠠᠭᠠᠨ ᠤ᠋ ᠰᠤᠷᠭᠠᠭᠤᠯᠢ ᠶ᠋ᠢᠨ ᠵᠠᢈᠢᠷᠤᠯ ᠳ‍᠊᠂ᠵᠠᠶᠠᠭᠠᠪᠠᠭᠠᠲᠤᠷ᠂ ᠮᠣ‍᠂ ᠤ‍᠂ ᠶᠡ‍᠂ ᠰᠤ‍᠂ ᠶ᠋ᠢᠨ ᠮᠣᠩᠭᠣᠯ ᢈᠡᠯᠡ᠂ ᢈᠡᠯᠡ ᠰᠢᠨᠵᠢᠯᠡᠯ ᠦ᠋ᠨ ᠲᠢᠩᢈᠢᠮ ᠦ᠋ᠨ ᠠᠬᠠᠯᠠᠬᠤ ᠪᠠᠭᠰᠢ ᠪ᠊᠂ ᠪᠠᠶᠠᠷᠲᠤᠤᠯᠠ ᠨᠠᠷ ᠢ ᢈᠦᠯᠢᠶᠡᠨ ᠠᠪᠴᠤ ᠠᠭᠤᠯᠵᠠᠨ᠂ ᠭᠠᠳᠠᠭᠠᠳᠤ ᠢᠷᢉᠡᠨ ᠦ᠋ ᠮᠣᠩᠭᠣᠯ ᢈᠡᠯᠡᠨ ᠦ᠋ ᠲᠦᠪᠰᠢᠨ ᠢ᠋ ᠲᠣᠭᠲᠠᠭᠠᠬᠤ ᠰᠢᠯᠭᠠᠯᠲᠠ ᠶ᠋ᠢ ᠢᠯᠡᢉᠦᠦ ᠥᠷᢉᠡᠵᠢᢉᠦᠯᠦᠨ᠂ ᠠᠯᠪᠠᠵᠢᠭᠤᠯᠬᠤ ᠲᠠᠯ᠎ᠠ ᠪᠠᠷ ᠶᠠᠷᠢᠯᠴᠠᠪᠠ᠃

ᠮᠣ‍᠂ ᠤ‍᠂ ᠶᠡ‍᠂ ᠰᠤ‍᠂  ᠢ᠋ᠢᠨ ᠮᠣᠩᠭᠣᠯ ᠰᠤᠳᠤᠯᠤᠯ ᠤ᠋ᠨ ᢈᠦᠷᠢᠶᠡᠯᠡᠩ ᠡᠴᠡ “TOMFL”᠂  ᠮᠤ᠊᠂ ᠤ‍᠂ ᠪᠤ᠊᠂ ᠶᠡ‍᠂ ᠰᠤ‍᠂ ᠠ᠋ᠴᠠ “ToPMON” ᢉᠡᠰᠡᠨ ᠬᠣᠶᠠᠷ ᠲᠥᠷᠦᠯ ᠦ᠋ᠨ ᠰᠢᠯᠭᠠᠯᠲᠠ ᠶ᠋ᠢ ᠭᠠᠳᠠᠭᠠᠳᠤ ᠢᠷᢉᠡᠨ ᠦ᠋ ᠮᠣᠩᠭᠣᠯ ᢈᠡᠯᠡᠨ ᠦ᠋ ᠲᠦᠪᠰᠢᠨ ᠢ᠋ ᠲᠣᠭᠲᠠᠭᠠᠬᠤ ᢈᠦᠷᠢᠶᠡᠨ ᠳ᠋ᠦ ᠵᠣᢈᠢᠶᠠᠨ ᠪᠠᠶᠢᠭᠤᠯᠳᠠᠭ᠃ ᠤᠭ ᠬᠣᠶᠠᠷ ᠰᠢᠯᠭᠠᠯᠲᠠ ᠶ᠋ᠢ ᠥᢉᢉᠦᢉᠰᠡᠨ ᠢ᠋ᠶᠡᠷ ᠭᠠᠳᠠᠭᠠᠳᠤ ᠢᠷᢉᠡᠳ ᠮᠣᠩᠭᠣᠯ ᠤᠯᠤᠰ ᠤ᠋ᠨ ᠶᠡᢈᠡ᠂ ᠳᠡᢉᠡᠳᠦ ᠰᠤᠷᠭᠠᠭᠤᠯᠢ ᠳ᠋ᠤ ᠡᠯᠰᠡᠨ ᠰᠤᠷᠤᠯᠴᠠᠬᠤ᠂ ᠠᠵᠢᠯ ᢈᠥᠳᠡᠯᠮᠦᠷᠢ ᠡᠷᢈᠢᠯᠡᢈᠦ ᠪᠣᠯᠤᠮᠵᠢ ᠲᠠᠢ ᠪᠠᠶᠢᠳᠠᠭ᠃ ᠲᠡᢉᠦᠨᠴᠢᠯᠡᠨ ᠲᠥᠷᠦ ᠶ᠋ᠢᠨ ᠠᠯᠪᠠᠨ ᠬᠠᠭᠠᠭᠴᠢᠳ᠂ ᢈᠢᠯᠢ ᠶ᠋ᠢᠨ ᠴᠢᠨᠠᠳᠤ ᠳ᠋ᠤ ᠣᠷᠤᠰᠢᠨ ᠰᠠᠭᠤᠳᠠᠭ᠂ ᠥᠪ ᢈᠡᠯᠡ᠂ ᠰᠣᠶᠤᠯ ᠢ᠋ᠶᠠᠨ ᠰᠤᠷᠴᠤ᠂ ᠰᠤᠳᠤᠯᠬᠤ ᠶ᠋ᠢ ᢈᠦᠰᠡᠵᠦ ᠪᠤᠢ ᠮᠣᠩᠭᠤᠯ ᠢᠷᢉᠡᠳ ᠴᠤ ᠮᠥᠨ ᠲᠦᠪᠰᠢᠨ᠂ ᠮᠡᠳᠡᠯᢉᠡ ᠪᠡᠨ ᠲᠣᠭᠲᠠᠭᠠᠯᠭᠠᠵᠤ ᠪᠣᠯᠤᠨ᠎ᠠ᠃

ᠬᠣᠶᠠᠷ ᠰᠢᠯᠭᠠᠯᠲᠠ ᠶ᠋ᠢ ᠬᠣᠶᠠᠭᠤᠯᠠ ᠎᠎ᠶ᠋ᠢ ᠨᠢ ᠠᠯᠪᠠᠵᠢᠭᠤᠯᠵᠤ᠂ ᠴᠠᠭᠠᠰᠢᠳᠠ ᠡᠨᠡ ᢈᠦ ᠲᠦᠪᠰᠢᠨ ᠲᠣᠭᠲᠠᠭᠠᠬᠤ ᠰᠢᠯᠭᠠᠯᠲᠠ ᠨᠤᠭᠤᠳ ᠤ᠋ᠨ ᠴᠠᠷ ᢈᠦᠷᠢᠶ᠎ᠡ ᠶ᠋ᠢ ᠢᠯᠡᢉᠦᠦ ᠲᠡᠯᠡᢈᠦ ᠶ᠋ᠢ ᢈᠦᠰᠡᠵᠦ ᠪᠤᠢ ᠪᠠᠨ ᠪᠠᠭᠰᠢ ᠨᠠᠷ ᠠᠭᠤᠯᠵᠠᠯᠲᠠ ᠶ᠋ᠢᠨ ᠦᠶ᠎ᠡ ᠪᠡᠷ ᠢᠯᠡᠷᢈᠡᠶᠢᠯᠡᠪᠡ᠃

ᠪᠣᠯᠪᠠᠰᠤᠷᠠᠯ ᠤ᠋ᠨ ᠰᠠᠶᠢᠳ ᠮᠣᠩᠭᠣᠯ ᢈᠡᠯᠡ ᠶ᠋ᠢ ᠲᠦᢉᠡᢉᠡᠨ ᠳᠡᠯᢉᠡᠷᠡᢉᠦᠯᢈᠦ ᠳ᠋ᠦ ᠡᠨᠡ ᢈᠦ ᠲᠦᠪᠰᠢᠨ ᠲᠣᠭᠲᠠᠭᠠᠬᠤ ᠰᠢᠯᠭᠠᠯᠲᠠ ᠴᠢᠬᠤᠯᠠ ᠠᠴᠢ ᠬᠣᠯᠪᠤᠭᠳᠠᠯᠲᠠᠢ ᠲᠤᠯᠠ ᠬᠣᠶᠠᠷ ᠰᠢᠯᠭᠠᠯᠲᠠ ᠶ᠋ᠢ ᠠᠯᠪᠠᠵᠢᠭᠤᠯᠵᠤ᠂ ᠴᠠᠭ ᢈᠦᠷᠢᠶ᠎ᠡ ᠶ᠋ᠢ ᠨᠢ ᠲᠡᠯᠡᢈᠦ ᠳ᠋ᠦ ᠳᠡᠮᠵᠢᠯᢉᠡ ᠦᠵᠡᢉᠦᠯᠦᠨ᠂ ᠬᠣᠯᠪᠤᠭᠳᠠᠬᠤ ᠠᠷᠭ᠎ᠠ ᢈᠡᠮᠵᠢᠶ᠎ᠡ ᠶ᠋ᠢ ᠠᠪᠬᠤ ᠪᠠᠷ ᠪᠣᠯᠪᠠ᠃ ᠮᠥᠨ ᢈᠡᠯᠡᠨ ᠦ᠋ ᠲᠦᠪᠰᠢᠨ ᠢ᠋ ᠳᠡᢉᠡᠳᠦ ᠪᠣᠯᠪᠠᠰᠤᠷᠠᠯ ᠡᠵᠡᠮᠰᠢᢈᠦ ᠳ᠋ᠦ ᠲᠣᢈᠢᠷᠠᠬᠤ ᠪᠠᠶᠢᠳᠠᠯ ᠢ᠋ᠶᠠᠷ ᠲᠣᠭᠲᠠᠭᠠᠨ ᠵᠢᠷᠤᠮᠯᠠᠵᠤ᠂ ᠴᠠᠭᠠᠰᠢᠯᠠᠭᠠᠳ ᠡᠨᠡ ᠲᠥᠷᠦᠯ ᠦ᠋ᠨ ᠣᠯᠠᠨ ᠤᠯᠤᠰ ᠤ᠋ᠨ ᠵᠢᠱᠢᢉ ᠲᠦ ᠨᠡᠶᠢᠴᠡᢉᠰᠡᠨ ᠰᠢᠯᠭᠠᠯᠲᠠ ᠶ᠋ᠢ ᠬᠤᠪᠢ ᠶ᠋ᠢᠨ ᠠᠵᠤ ᠠᠬᠤᠢ ᠶ᠋ᠢᠨ ᠨᠢᢉᠡᠴᠡ ᠵᠣᢈᠢᠶᠠᠨ ᠪᠠᠶᠢᠭᠤᠯᠬᠤ ᠪᠣᠯᠤᠮᠵᠢ ᠶ᠋ᠢ ᠨᠡᢉᠡᢉᠡᢈᠦ᠂ ᠭᠠᠳᠠᠭᠠᠳᠤ ᠤᠯᠤᠰ ᠳ᠋ᠠᢈᠢ ᠡᠯᠴᠢᠨ ᠰᠠᠶᠢᠳ ᠤ᠋ᠨ ᠶᠠᠮᠤᠨ ᠳ᠋ᠤ ᠡᠨᠡ ᠰᠢᠯᠭᠠᠯᠲᠠ ᠶ᠋ᠢ ᠵᠣᢈᠢᠶᠠᠨ ᠪᠠᠶᠢᠭᠤᠯᠳᠠᠭ ᠪᠣᠯᠬᠤ᠂ ᠰᠢᠯᠭᠠᠯᠲᠠ ᠥᢉᢉᠦᢉᠰᠡᠨ ᠢ᠋ᠶᠡᠷ ᠣᠯᠠᠨ ᠪᠣᠯᠤᠮᠵᠢ ᠨᠡᢉᠡᢉᠡᢉᠳᠡᠳᠡᢉ ᠪᠣᠯᠬᠤ ᠵᠡᠷᢉᠡ ᠪᠡᠷ ᠴᠠᠷ ᢈᠦᠷᠢᠶ᠎ᠡ ᠶ᠋ᠢ ᠨᠢ ᠲᠡᠯᠡᠵᠦ᠂ ᠮᠣᠩᠭᠣᠯ ᢈᠡᠯᠡ ᠶ᠋ᠢ ᠲᠦᢉᠡᢉᠡᠨ ᠳᠡᠯᢉᠡᠷᠡᢉᠦᠯᢈᠦ ᠪᠣᠯᠤᠮᠵᠢ ᠲᠠᠢ ᠶ᠋ᠢ ᠣᠨᠴᠠᠯᠠᠯ᠎ᠠ᠃