ᠤ᠊᠂ ᠶᠡ᠊᠂ ᠬᠤ᠊᠂ ᠤ᠋ᠨ ᠒᠐᠒᠒ ᠣᠨ ᠤ᠋ 《ᢈᠦᠨᠡᠰᠦᠨ ᠦ᠋ ᠬᠠᠩᠭᠠᠮᠵᠢ᠂ ᠠᠶᠤᠯ ᠦᢉᠡᠢ ᠪᠠᠶᠢᠳᠠᠯ ᠢ᠋ ᠬᠠᠩᠭᠠᠬᠤ ᠲᠠᠯ ᠠ ᠪᠠᠷ ᠠᠪᠬᠤ ᠵᠠᠷᠢᠮ ᠠᠷᠭᠠ ᢈᠡᠮᠵᠢᠶᠡᠨ ᠦ᠋ ᠲᠤᠬᠠᠢ》 ᠓᠖ ᠳ᠋ᠤᠭᠠᠷ ᠲᠣᠭᠲᠠᠭᠠᠯ ᠢ᠋ ᢈᠡᠷᠡᢉᠵᠢᢉᠦᠯᠦᢉᠴᠢ ᠲᠥᠷᠦ ᠶ᠋ᠢᠨ ᠪᠠᠶᠢᠭᠤᠯᠤᠯᠭᠠ ᠨᠤᠭᠤᠳ ᠤ᠋ᠨ ᠕ ᠳ᠋ᠠᢈᠢ ᠤᠳᠠᠭᠠ ᠶ᠋ᠢᠨ ᠵᠥᠪᠯᠡᠯᠳᠦᢈᠦ ᠠᠭᠤᠯᠵᠠᠯᠲᠠ ᠶ᠋ᠢ ᠤᠭᠲᠤᠨ ᠪᠣᠯᠪᠠᠰᠤᠷᠠᠯ ᠤ᠋ᠨ ᠶᠠᠮᠤᠨ ᠶᠡᠷᠦᠩᢈᠡᠶᠢᠯᠡᢉᠴᠢ ᠶ᠋ᠢᠨ ᠲᠠᠮᠠᠭᠠ ᠶ᠋ᠢᠨ ᠭᠠᠵᠠᠷ ᠲᠠᠢ ᠲᠣᠭᠲᠠᠭᠠᠯ ᠤ᠋ᠨ ᢈᠡᠷᠡᢉᠵᠢᠯᠲᠡ ᠶ᠋ᠢᠨ ᠶᠠᠪᠤᠴᠠ ᠶ᠋ᠢᠨ ᠲᠠᠯᠠ ᠪᠠᠷ ᠰᠠᠨᠠᠯ ᠰᠣᠯᠢᠯᠴᠠᠪᠠ᠃
ᠪᠣᠯᠪᠠᠰᠤᠷᠠᠯ ᠤ᠋ᠨ ᠶᠠᠮᠤᠨ ᠨᠢ ᠤᠭ ᠲᠣᠭᠲᠠᠭᠠᠯ ᠤ᠋ᠨ ᢈᠦᠷᠢᠶᠡᠨ ᠳ᠋ᠦ ᠑᠒ ᠠᠷᠭᠠ ᢈᠡᠮᠵᠢᠶᠡ ᠶ᠋ᠢ ᠲᠥᠯᠦᠪᠯᠡᠨ ᢉᠦᠢᠴᠡᠳᢈᠡᠵᠦ ᠪᠠᠶᠢᠭᠠ ᠠ᠋ᠴᠠ ᠘ ᠨᠢ ᠪᠦᠷᠢᠨ ᢈᠡᠷᠡᢉᠵᠢᢉᠰᠡᠨ᠂ ᠔ ᠨᠢ ᠙᠐ ᠬᠤᠪᠢ ᠶ᠋ᠢᠨ ᢉᠦᠶᠢᠴᠡᠳᢈᠡᠯ ᠲᠡᠢ ᠪᠠᠶᠢᠨᠠ᠃ ᠲᠤᠬᠠᠶᠢᠯᠠᠪᠠᠯ᠂ ᠨᠡᠶᠢᠰᠯᠡᠯ ᠳ᠋ᠦ ᠴᠡᠴᠡᠷᠯᠢᢉ ᠦ᠋ᠨ ᢈᠡᠦᢈᠡᠳ ᠦ᠋ᠨ ᠬᠣᠭᠤᠯᠠᠨ ᠤ᠋ ᠲᠡᢉᠦᢈᠡᠢ ᠡᠳ᠋ ᠦ᠋ᠨ ᠵᠠᠷᠤᠳᠠᠯ ᠢ᠋ ᠑᠐᠐᠐ ᠲᠥᢉᠦᠷᠢᢉ ᠢ᠋ᠶᠡᠷ ᠨᠡᠮᠡᠵᠦ᠂ ᠬᠠᠤᠯᠢ ᠳ᠋ᠤ ᠵᠢᠭᠠᠭᠰᠠᠨ ᠤ᠋ ᠳᠠᠭᠠᠭᠤ ᠡᢉᠦᠨ ᠢ᠋ ᠡᠴᠢᢉᠡ ᠡᢈᠡ᠂ ᠠᠰᠠᠷᠠᠨ ᠬᠠᠮᠠᠭᠠᠯᠠᠭᠴᠢᠳ ᠬᠠᠷᠢᠭᠤᠴᠠᠨ ᠲᠥᠯᠦᠵᠦ ᠡᢈᠢᠯᠡᠯᠡ᠃
ᠡᠨᠡ ᢈᠦ ᠠᠵᠢᠯ ᠢ᠋ ᠵᠠᠰᠠᠭ ᠤ᠋ᠨ ᠭᠠᠵᠠᠷ ᠤ᠋ᠨ ᠬᠤᠷᠠᠯᠳᠤᠭᠠᠨ ᠢ᠋ᠶᠠᠷ ᢈᠡᠯᠡᠯᠴᠡᢉᠦᠯᠵᠦ᠂ ᠰᠢᠶᠳᠪᠦᠷᠢᠯᠡᢈᠦ ᠳ᠋ᠦ ᠪᠣᠯᠪᠠᠰᠤᠷᠠᠯ ᠤ᠋ᠨ ᠶᠠᠮᠤᠨ ᠴᠢᠬᠤᠯᠠ ᠮᠠᠩᠯᠠᠶᠢᠯᠠᠯ ᠦᠵᠡᢉᠦᠯᠵᠦ᠂ ᠲᠥᠯᠦᠪᠯᠡᢉᠰᠡᠨ ᠠᠷᠭᠠ ᢈᠡᠮᠵᠢᠶᠡ ᠪᠡᠨ ᠠᠮᠵᠢᠯᠲᠠᠲᠠᠢ ᢈᠡᠷᠡᢉᠵᠢᢉᠦᠯᠦᢉᠰᠡᠨ ᠢ᠋ ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠦᠢᠯᠡᠳᠪᠦᠷᠢ᠂ ᠦᠶᠢᠯᠡᠴᠢᠯᠡᢉᠡᠨ ᠦ᠋ ᠪᠣᠳᠤᠯᠭᠠ ᠶ᠋ᠢᠨ ᠵᠥᠪᠯᠡᢈᠦ ᠴ᠊᠂ ᠳᠠᠸᠠᠪᠠᠶᠠᠷ ᠣᠨᠴᠠᠯᠠᠵᠤ᠂ ᠨᠡᠶᠢᠲᠡ ᠠᠷᠭᠠ ᢈᠡᠮᠵᠢᠶᠡᠨ ᠦ᠋ ᢉᠦᠢᠴᠡᠳᢈᠡᠯ ᠙᠐᠆ ᠑᠐᠐ ᠬᠤᠪᠢ ᠲᠠᠢ ᠪᠠᠶᠢᠭᠠ ᠨᠢ ᠰᠠᠶᠢᠰᠢᠶᠠᠯ ᠲᠠᠢ ᠦᠵᠡᢉᠦᠯᠦᠯᠲᠡ ᢉᠡᠯᠡ᠃ ᠴᠢᠨᠠᠭᠰᠢᠳᠠ ᠪᠦᢈᠦ ᠠᠷᠭᠠ ᢈᠡᠮᠵᠢᠶᠡ ᠶ᠋ᠢ ᠪᠦᠷᠢᠨ ᢈᠡᠷᠡᢉᠵᠢᢉᠦᠯᠵᠦ ᠳᠠᠭᠤᠰᠬᠠᠬᠤ ᠳ᠋ᠤ ᠶᠡᠷᠦᠩᢈᠡᠶᠢᠯᠡᢉᠴᠢ ᠶ᠋ᠢᠨ ᠲᠠᠮᠠᠭᠠ ᠶ᠋ᠢᠨ ᠭᠠᠵᠠᠷ ᠠ᠋ᠴᠠ ᠱᠠᠭᠠᠷᠳᠠᠯᠭᠠ ᠲᠠᠢ ᠳᠡᠮᠵᠢᠯᢉᠡ᠂ ᠲᠤᠰᠠᠯᠠᠯᠴᠠᠭᠠ ᠶ᠋ᠢ ᠦᠵᠡᢉᠦᠯᠦᠨᠡ ᢉᠡᠳᠡᢉ ᠢ᠋ᠶᠡᠨ ᠢᠯᠡᠷᢈᠡᠶᠢᠯᠡᠪᠡ᠃
