Хаах

ᠠᠩᢉᠯᠢ ᢈᠡᠯᠡᠨ ᠦ᠋ 《uTalk》 ᠴᠠᢈᠢᠮ ᠫᠯᠠᠲ᠋ᠹᠤᠷᠮ ᠤ᠋ᠨ ᠲᠥᠰᠦᠯ ᠲᠡᠢ ᠬᠠᠮᠲᠤᠷᠠᠨ ᠠᠵᠢᠯᠯᠠᠨ᠎ᠠ

A- A A+
ᠠᠩᢉᠯᠢ ᢈᠡᠯᠡᠨ ᠦ᠋ 《uTalk》 ᠴᠠᢈᠢᠮ ᠫᠯᠠᠲ᠋ᠹᠤᠷᠮ ᠤ᠋ᠨ ᠲᠥᠰᠦᠯ ᠲᠡᠢ ᠬᠠᠮᠲᠤᠷᠠᠨ ᠠᠵᠢᠯᠯᠠᠨ᠎ᠠ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠠᠩᢉᠯᠢ ᢈᠡᠯᠡᠨ ᠦ᠋ 《uTalk》 ᠴᠠᢈᠢᠮ ᠫᠯᠠᠲ᠋ᠹᠤᠷᠮ ᠤ᠋ᠨ ᠲᠥᠰᠦᠯ ᠦ᠋ᠨ ᠪᠠᠭ ᠢ᠋ ᢈᠦᠯᠢᠶᠡᠨ ᠠᠪᠴᠤ ᠠᠭᠤᠯᠵᠠᠯ᠎ᠠ᠃

ᠲᠥᠰᠦᠯ ᠦ᠋ᠨ ᠵᠦᢉ ᠡᠴᠡ 《uTalk》 ᠭᠠᠷ ᠤᠲᠠᠰᠤᠨ ᠤ᠋ ᠠᠫᠫᠯᠢᠻᠧᠶᠢᠱᠢᠨ᠋ ᠢ᠋ᠶᠡᠷ ᠳᠠᠮᠵᠢᠭᠤᠯᠤᠨ ᠲᠥᠷᠦ ᠶ᠋ᠢᠨ ᠠᠯᠪᠠᠨ ᠬᠠᠭᠠᠭᠴᠢᠳ ᠤ᠋ᠨ ᠠᠩᠯᠢ ᢈᠡᠯᠡᠨ ᠦ᠋ ᠮᠡᠳᠡᠯᢉᠡ ᠴᠢᠳᠠᠪᠤᠷᠢ ᠶ᠋ᠢ ᠳᠡᢉᠡᢉᠰᠢᠯᠡᢉᠦᠯᢈᠦ᠂ ᠮᠡᠷᢉᠡᠵᠢᠯ ᠦ᠋ᠨ ᢈᠡᠷᠡᢉᠯᠡᢉᠡ ᠳ᠋ᠦ ᠵᠣᠷᠢᠭᠤᠯᠤᠭᠰᠠᠨ ᠫᠷᠠᠻᠲ᠋ᠢᠻ ᠠᠩᢉᠯᠢ ᢈᠡᠯᠡ ᠶ᠋ᠢ ᢈᠥᢉᠵᠢᢉᠦᠯᢈᠦ ᠴᠠᢈᠢᠮ ᠰᠤᠷᠭᠠᠯᠲᠠ ᠶ᠋ᠢᠨ ᢈᠥᠲᠦᠯᠪᠦᠷᠢ᠂ ᠰᠤᠷᠭᠠᠯᠲᠠ ᠳ᠋ᠤ ᠬᠠᠮᠤᠷᠤᠭᠳᠠᠬᠤ ᠶ᠋ᠢᠨ ᠡᠮᠦᠨ᠎ᠡ ᠪᠣᠯᠤᠨ ᠳᠠᠷᠠᠭᠠᢈᠢ ᠲᠦᠪᠰᠢᠨ ᠲᠣᠭᠲᠠᠭᠠᠬᠤ ᠰᠢᠯᠭᠠᠯᠲᠠ᠂ ᠣᠨ᠋ᠯᠠᠶᠢᠨ ᠰᠧᠮᠢᠨᠠᠷ ᠰᠤᠷᠭᠠᠯᠲᠠ ᠨᠤᠭᠤᠳ ᠢ᠋ ᠰᠠᠨᠠᠯ ᠪᠣᠯᠭᠠᠵᠤ ᠪᠠᠶᠢᠭ᠎ᠠ ᠶᠤᠮ᠎᠃ ᠰᠤᠷᠭᠠᠯᠲᠠ ᠶ᠋ᠢ ᠠᠩᢉᠯᠢ ᠶ᠋ᠢᠨ ᠯᠣᠨ᠋ᠳᠤᠨ ᠬᠣᠲᠠ ᠳ᠋ᠤ ᠲᠥᠪ ᠲᠡᠢ 《Professional Language Solutions》 ᠻᠣᠮᠫᠠᠨᠢ ᠲᠠᠢ ᠬᠠᠮᠲᠤᠷᠠᠨ ᠶᠠᠪᠤᠭᠤᠯᠬᠤ ᠪᠥᢉᠡᠳ ᠰᠣᠨᠢᠷᠬᠠᠯᠲᠠᠢ᠂ ᠪᠦᠲᠦᢉᠡᠯᠴᠢ ᠪᠠᠶᠢᠯᠭᠠᠬᠤ ᠶ᠋ᠢᠨ ᠲᠤᠯᠠᠳᠠ ᠠᠫᠫᠯᠢᠻᠧᠶᠢᠱᠢᠨ ᠳ᠋ᠤ ᠠᠰᠠᠭᠤᠯᠲᠠ ᠬᠠᠷᠢᠭᠤᠯᠲᠠ᠂ ᠲᠣᠭᠯᠠᠭᠠᠮ᠂ ᠰᠡᠳᠦᠪᠲᠦ ᠰᠠᠭᠤᠷᠢᠯᠠᠭᠰᠠᠨ ᠶᠠᠷᠢᠶᠠᠨ ᠤ᠋ ᢈᠢᠴᠢᠶᠡᠯ ᠦ᠋ᠳ ᠢ᠋ ᠣᠷᠤᠭᠤᠯᠵᠡᠢ᠃

ᠲᠥᠷᠦ ᠶ᠋ᠢᠨ ᠠᠯᠪᠠᠨ ᠬᠠᠭᠠᠭᠴᠢᠳ ᠰᠤᠷᠤᠯᠴᠠᠭᠴᠢ ᠲᠥᠪ ᠲᠡᠢ ᠴᠠᢈᠢᠮ ᠰᠤᠷᠭᠠᠯᠲᠠ ᠪᠠᠷ ᠠᠩᢉᠯᠢ ᢈᠡᠯᠡᠨ ᠦ᠋ ᠮᠡᠳᠡᠯᢉᠡ ᠪᠡᠨ ᠠᢈᠢᠭᠤᠯᠵᠤ᠂ ᠴᠢᠳᠠᠪᢈᠢᠵᠢᠨ᠂ ᠮᠡᠷᢉᠡᠵᠢᠯ ᠦ᠋ᠨ ᠤᠷ᠎ᠠ ᠴᠢᠳᠠᠪᠤᠷᠢ ᠪᠠᠨ ᢈᠥᢉᠵᠢᢉᠦᠯᢈᠦ ᠳ᠋ᠦ ᠠᠴᠢ ᠬᠣᠯᠪᠤᠭᠳᠠᠯ ᠲᠠᠢ ᠤᠴᠢᠷ ᠠ᠋ᠴᠠ ᠲᠥᠰᠦᠯ ᠲᠡᠢ ᠬᠠᠮᠲᠤᠷᠠᠨ ᠠᠵᠢᠯᠯᠠᠨ᠎ᠠ ᢉᠡᠳᠡᢉ ᠢ᠋ᠶᠡᠨ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠢᠯᠡᠷᢈᠡᠶᠢᠯᠡᠪᠡ᠃