Хаах

ᠮᠣᠩᠭᠣᠯ ᠳ᠋ᠤ ᠻᠣᠣᠰᠧᠨ ᠲᠧᠻᠨᠤᠯᠤᢉᠢ ᠶ᠋ᠢᠨ ᠻᠣᠯᠯᠧᠵᠢ ᠡᢉᠦᠰᠦᠨ ᠪᠠᠶᠢᠭᠤᠯᠤᠭᠳᠠᠭᠰᠠᠨ ᠤ᠋ ᠑᠐ ᠵᠢᠯ ᠦ᠋ᠨ ᠣᠢ ᠲᠣᢈᠢᠶᠠᠵᠤ ᠪᠠᠶᠢᠨ᠎ᠠ

A- A A+
ᠮᠣᠩᠭᠣᠯ ᠳ᠋ᠤ ᠻᠣᠣᠰᠧᠨ ᠲᠧᠻᠨᠤᠯᠤᢉᠢ ᠶ᠋ᠢᠨ ᠻᠣᠯᠯᠧᠵᠢ ᠡᢉᠦᠰᠦᠨ ᠪᠠᠶᠢᠭᠤᠯᠤᠭᠳᠠᠭᠰᠠᠨ ᠤ᠋ ᠑᠐ ᠵᠢᠯ ᠦ᠋ᠨ ᠣᠢ ᠲᠣᢈᠢᠶᠠᠵᠤ ᠪᠠᠶᠢᠨ᠎ᠠ

ᠪᠣᠯᠪᠠᠰᠤᠷᠠᠯ ᠤ᠋ᠨ ᠰᠠᠶᠢᠳ ᠪᠦ᠊᠂ ᠨᠠᠷᠠᠨᠪᠠᠶᠠᠷ ᠮᠣᠩᠭᠣᠯ ᠳ᠋ᠤ ᠻᠣᠣᠰᠧᠨ ᠲᠧᠻᠨᠤᠯᠤᢉᠢ ᠶ᠋ᠢᠨ ᠻᠣᠯᠯᠧᠵᠢ ᠡᢉᠦᠰᠦᠨ ᠪᠠᠶᠢᠭᠤᠯᠤᠭᠳᠠᠭᠰᠠᠨ ᠤ᠋ ᠑᠐ ᠵᠢᠯ ᠦ᠋ᠨ ᠣᠢ ᠶ᠋ᠢᠨ ᠪᠠᠶᠠᠷ ᠤ᠋ᠨ ᠬᠤᠷᠠᠯ ᠳ᠋ᠤ ᠣᠷᠤᠯᠴᠠᠵᠤ᠂ ᠮᠡᠨᠳᠦᠴᠢᠯᠡᢉᠡ ᠳᠡᠪᠰᠢᢉᠦᠯᠦᠯ᠎ᠡ᠃

ᠶᠠᠫᠣᠨ ᠤ᠋ ᠻᠣᠣᠰᠧᠨ ᠰᠤᠷᠭᠠᠭᠤᠯᠢ ᠶ᠋ᠢ ᠵᠢᠱᠢᢉ ᠪᠣᠯᠭᠠᠨ ᠒᠐᠑᠔ ᠣᠨ ᠳ᠋ᠤ ᠮᠣᠩᠭᠣᠯ ᠤᠯᠤᠰ ᠲᠤ ᠪᠠᠶᠢᠭᠤᠯᠤᠭᠳᠠᠭᠰᠠᠨ ᠭᠤᠷᠪᠠᠨ ᠻᠣᠣᠰᠧᠨ ᠰᠤᠷᠭᠠᠭᠤᠯᠢ ᠨᠢ ᠡᠳᠦᢉᠡ ᠢᠨ᠋ᠵᠧᠨᠧᠷ ᠦ᠋ᠨ ᠳᠡᠳ᠋ ᠪᠠᠻᠠᠯᠠᠸᠷ ᠤ᠋ᠨ ᠵᠡᠷᢉᠡ ᠣᠯᠭᠤᠬᠤ ᠡᠷᢈᠡ ᠲᠡᠢ ᠪᠣᠯᠵᠤ᠂ ᠪᠠᠷᠢᠯᠭ᠎ᠠ᠂ ᠮᠧᠬᠠᠨᠢᠭ᠂ ᢈᠢᠮᠢ ᠪᠣᠯᠤᠨ ᠪᠢᠣ᠋᠂ ᠴᠠᢈᠢᠯᠭᠠᠨ ᠡᠯᠧᠻᠲ᠋ᠷᠤᠨᠢᠻ ᠤ᠋ᠨ ᠢᠨ᠋ᠵᠧᠨᠧᠷ ᠦ᠋ᠨ ᢈᠥᠲᠦᠯᠪᠦᠷᠢ ᠪᠡᠷ ᠨᠡᠶᠢᠲᠡ ᠖᠗᠓ ᠢᠨ᠋ᠵᠧᠨᠧᠷ ᠢ᠋ ᠪᠡᠯᠡᠳᢈᠡᠵᠡᠢ᠃ ᠲᠤᠰ ᠰᠤᠷᠭᠠᠭᠤᠯᠢ ᠨᠤᠭᠤᠳ ᠠᠮᠵᠢᠯᠲᠠᠲᠠᠢ ᠮᠠᠭᠠᠳᠯᠠᠨ ᠢᠲᠡᢉᠡᠮᠵᠢᠯᠡᢉᠳᠡᠵᠦ᠂ ᠮᠣᠩᠭᠣᠯ ᠳ᠋ᠤ ᠻᠣᠣᠰᠧᠨ ᠪᠣᠯᠪᠠᠰᠤᠷᠠᠯ ᠤ᠋ᠨ ᠰᠢᠰᠲ᠋ᠧᠮ ᠢ᠋ ᠦᠷ᠎ᠡ ᠳ᠋ᠦᠩ ᠲᠡᠢ ᠨᠤᠲᠤᠭᠰᠢᠭᠤᠯᠤᠭᠰᠠᠨ ᠢ᠋ᠶᠠᠷ ᠒᠐ ᠨᠠᠰᠤ ᠲᠠᠢ ᠲᠡᢉᠦᠰᠦᢉᠴᠢᠳ ᢈᠥᠳᠡᠯᠮᠦᠷᠢ ᠶ᠋ᠢᠨ ᠵᠠᠬ᠎ᠠ ᠵᠡᢉᠡᠯᠢ ᠳ᠋ᠦ ᠭᠠᠷᠬᠤ᠂ ᠣᠶᠤᠲᠠᠨ ᠨᠤᠭᠤᠳ ᠨᠢ ᠮᠡᠷᢉᠡᠵᠢᠯ ᠦ᠋ᠨ ᠤᠷᠤᠯᠳᠤᠭᠠᠨ ᠲᠡᠮᠡᠴᠡᢉᠡᠨ ᠳ᠋ᠦ ᠢᠳᠡᠪᢈᠢᠲᠡᠢ ᠣᠷᠤᠯᠴᠠᠵᠤ ᠲᠤᠷᠰᠢᠯᠭ᠎ᠠ ᠬᠤᠷᠠᠮᠲᠤᠯᠠᠭᠤᠯᠬᠤ ᠵᠡᠷᢉᠡ ᠣᠯᠠᠨ ᠪᠣᠯᠤᠮᠵᠢ᠂ ᠲᠠᠭᠠᠲᠠᠢ ᠨᠥᢈᠦᠴᠡᠯ ᠪᠤᠢ ᠪᠣᠯᠵᠤ ᠪᠠᠶᠢᠨ᠎ᠠ᠃

ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠪᠦᠰᠡᠴᠢᠯᠡᢉᠰᠡᠨ ᢈᠥᢉᠵᠢᠯ ᠦ᠋ᠨ ᠪᠣᠳᠤᠯᠭ᠎ᠠ ᠶ᠋ᠢᠨ ᢈᠦᠷᠢᠶᠡᠨ ᠳ᠋ᠦ ᠲᠥᠷᠦ ᠶ᠋ᠢᠨ ᠥᠮᠴᠢ ᠶ᠋ᠢᠨ ᠶᠡᢈᠡ᠂ ᠳᠡᢉᠡᠳᠦ ᠰᠤᠷᠭᠠᠭᠤᠯᠢ ᠶ᠋ᠢ ᠲᠦᠰᠢᢉᠯᠡᠨ ᠻᠣᠣᠰᠧᠨ ᠰᠤᠷᠭᠠᠭᠤᠯᠢ ᠨᠤᠭᠤᠳ ᠢ᠋ ᠨᠡᠮᠡᠵᠦ ᠪᠠᠶᠢᠭᠤᠯᠤᠨ ᢈᠥᢉᠵᠢᢉᠦᠯᢈᠦ ᠵᠠᠮ ᠢ᠋ᠶᠠᠷ ᢈᠥᠳᠡᠯᠮᠦᠷᠢ ᠶ᠋ᠢᠨ ᠵᠠᠬ᠎ᠠ ᠵᠡᢉᠡᠯᠢ ᠳ᠋ᠦ ᠡᠷᠢᠯᠲᠡ ᠲᠡᠢ᠂ ᠳᠤᠲᠠᠭᠳᠠᠯ ᠲᠠᠢ ᠪᠠᠶᠢᠭ᠎ᠠ ᠢᠨ᠋ᠵᠧᠨᠧᠷ ᠲᠧᠻᠨᠣᠯᠣᢉᠢ ᠶ᠋ᠢᠨ ᠮᠡᠷᢉᠡᠵᠢᠯᠲᠡᠨ ᠨᠦ᠋ᢉᠦᠳ ᠢ᠋ ᠪᠡᠯᠡᠳᢈᠡᢈᠦ ᠪᠣᠳᠤᠯᠭ᠎ᠠ ᠪᠠᠷᠢᠮᠲᠠᠯᠠᠵᠤ ᠪᠤᠢ᠃ ᠡᠶᠢᠮᠦ ᠳ᠋ᠦ ᠴᠢᠨᠠᠭᠰᠢᠳᠠ ᠻᠣᠣᠰᠧᠨ ᠲᠧᠻᠨᠤᠯᠤᢉᠢ ᠶ᠋ᠢᠨ ᠻᠣᠯᠯᠧᠵᠢ ᠶ᠋ᠢᠨ ᠦᠶᠢᠯᠡ ᠠᠵᠢᠯᠯᠠᠭ᠎ᠠ ᠶ᠋ᠢ ᠥᠷᢉᠡᠵᠢᢉᠦᠯᠵᠦ᠂ ᠴᠢᠳᠠᠪᠤᠷᠢᠯᠢᠭ ᠵᠠᠯᠠᠭᠤ ᠢᠨ᠋ᠵᠧᠨᠧᠷ ᠦ᠋ᠳ ᠢ᠋ ᠪᠡᠯᠡᠳᢈᠡᢈᠦ ᠳ᠋ᠦ ᠳᠡᠮᠵᠢᠯᢉᠡ ᠦᠵᠡᢉᠦᠯᠦᠨ᠎ᠡ ᢉᠡᠳᠡᢉ ᠢ᠋ᠶᠡᠨ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠢᠯᠡᠷᢈᠡᠶᠢᠯᠡᠪᠡ᠃