ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᢈᠥᢉᠵᠢᠯ ᠦ᠋ᠨ ᠪᠡᠷᢈᠡᠰᠢᠶᠡᠯ ᠲᠡᠢ ᢈᠦᠮᠦᠨ ᠦ᠋ ᠡᠷᢈᠡ ᠶ᠋ᠢ ᠬᠠᠩᠭᠠᠬᠤ ᠦᠨᠳᠦᠰᠦᠨ ᠦ᠋ ᠵᠥᠪᠯᠡᠯ ᠦ᠋ᠨ ᠳᠡᠳ᠋ ᠳᠠᠷᠤᠭᠠ ᠳ᠊᠂ ᢉᠡᠷᠡᠯ᠂ 《ᢈᠥᢉᠵᠢᠯ ᠦ᠋ᠨ ᠪᠦᠰᠡ》 ᠲᠥ᠊᠂ ᠪᠤ᠊᠂ ᠪᠠ᠊᠂ ᠶ᠋ᠢᠨ ᠵᠥᠪᠯᠡᢈᠦ ᠵ᠊᠂ ᠪᠣᠯᠤᠳᠰᠠᠶᠢᠬᠠᠨ ᠨᠠᠷ ᠢ ᢈᠦᠯᠢᠶᠡᠨ ᠠᠪᠴᠤ ᠠᠭᠤᠯᠵᠠᠪᠠ᠃
ᠳᠣᠨᠳᠤᠪᠳᠣᠷᠵᠢ ᠣᠪᠤᠭ ᠲᠠᠢ ᢉᠡᠷᠡᠯ ᠨᠢ ᢈᠥᢉᠵᠢᠯ ᠦ᠋ᠨ ᠪᠡᠷᢈᠡᠰᠢᠶᠡᠯ ᠲᠡᠢ ᢈᠦᠮᠦᠨ ᠦ᠋ ᠡᠷᢈᠡ ᠶ᠋ᠢ ᠬᠠᠩᠭᠠᠬᠤ ᠦᠨᠳᠦᠰᠦᠨ ᠦ᠋ ᠵᠥᠪᠯᠡᠯ ᠦ᠋ᠨ ᠳᠡᠳ᠋ ᠳᠠᠷᠤᠭᠠ ᠠ᠋ᠴᠠ ᠭᠠᠳᠠᠨᠠ ᠨᠢ᠊᠂ ᠦ᠊᠂ ᠪᠠ᠊᠂ ᠶ᠋ᠢᠨ ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠦ᠋ᠨ ᠡᠷᢈᠡ ᠶ᠋ᠢᠨ ᠬᠣᠷᠢᠶᠠᠨ ᠤ᠋ ᢉᠡᠰᠢᢉᠦᠨ᠂ ᢈᠥᢉᠵᠢᠯ ᠦ᠋ᠨ ᠪᠡᠷᢈᠡᠰᠢᠶᠡᠯ ᠲᠡᠢ ᢈᠦᠮᠦᠨ ᠦ᠋ ᠡᠷᢈᠡ ᠶ᠋ᠢᠨ ᠹᠣᠷᠦᠮ ᠤ᠋ᠨ ᠶᠡᠷᠦᠩᢈᠡᠢ ᠵᠣᢈᠢᠴᠠᠭᠤᠯᠤᠭᠴᠢ ᠪᠠᠷ ᠠᠵᠢᠯᠯᠠᠳᠠᠭ᠃ ᠲᠡᠷᠡ ᠪᠡᠷ ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠢ᠋ ᠲᠡᢉᠰᠢ ᠬᠠᠮᠤᠷᠤᠨ ᠰᠤᠷᠭᠠᠬᠤ ᠲᠠᠢ ᠬᠣᠯᠪᠤᠭᠠ ᠲᠠᠢ ᠳᠦᠷᠢᠮ ᠵᠢᠷᠤᠮ ᠤ᠋ᠳ ᠬᠣᠭᠤᠷᠤᠨᠳᠤ ᠪᠠᠨ ᠤᠶᠠᠯᠳᠤᠭᠠ ᠦᢉᠡᠢ ᠪᠠᠶᠢᠭᠠ ᠲᠤᠯᠠ ᠵᠣᢈᠢᠴᠠᠭᠤᠯᠤᠯᠲᠠ ᢈᠢᢈᠦ ᠨᠢᢉᠡᠳᠦᢉᠰᠡᠨ ᠪᠠᠷᠢᠮᠲᠠ ᠪᠢᠴᠢᢉ᠂ ᠵᠢᠷᠤᠮ ᠲᠠᠢ ᠪᠣᠯᠬᠤ᠂ ᠪᠦᢈᠦ ᠪᠣᠳᠤᠯᠭᠠ ᠰᠢᠢᠳᠪᠦᠷᠢ᠂ ᠦᠢᠯᠡ ᠠᠵᠢᠯᠯᠠᠭᠠᠨ ᠳ᠋ᠤ ᠢᠷᢉᠡᠨ ᠦ᠋ ᠨᠡᠶᠢᢉᠡᠮ ᠦ᠋ᠨ ᠪᠣᠯᠤᠨ ᠲᠥᠷᠦ ᠶ᠋ᠢᠨ ᠪᠤᠰᠤ ᠪᠠᠶᠢᠭᠤᠯᠤᠯᠭᠠ ᠶ᠋ᠢᠨ ᠲᠥᠯᠦᢉᠡᠯᠡᠯ ᠢ᠋ ᠣᠷᠤᠯᠴᠠᠭᠤᠯᠬᠤ ᠱᠠᠭᠠᠷᠳᠠᠯᠭᠠ ᠲᠠᠢ ᠪᠠᠶᠢᠭᠠ ᠶ᠋ᠢ ᠣᠨᠴᠠᠯᠠᠵᠤ᠂ ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠲᠦ ᠵᠣᠷᠢᠭᠤᠯᠤᠭᠰᠠᠨ ᠰᠤᠷᠭᠠᠯᠲᠠ ᠶ᠋ᠢᠨ ᠣᠷᠴᠢᠨ ᠢ᠋ ᠰᠠᠶᠢᠵᠢᠷᠠᠭᠤᠯᠬᠤ ᠴᠢᠬᠤᠯᠠ ᠪᠠᠶᠢᠨᠠ ᢉᠡᠪᠡ᠃

《ᢈᠥᢉᠵᠢᠯ ᠦ᠋ᠨ ᠪᠦᠰᠡ》 ᠲᠥ᠊᠂ ᠪᠤ᠊᠂ ᠪᠠ᠊᠂ ᠨᠢ ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠦ᠋ᠨ ᢈᠥᠳᠡᠯᠮᠦᠷᠢ᠂ ᠨᠡᠶᠢᢉᠡᠮ ᠦ᠋ᠨ ᠬᠠᠮᠠᠭᠠᠯᠠᠯ᠂ ᠪᠣᠯᠪᠠᠰᠤᠷᠠᠯ ᠤ᠋ᠨ ᠴᠢᢉᠯᠡᠯ ᠢ᠋ᠶᠡᠷ ᠦᠶᠢᠯᠡ ᠠᠵᠢᠯᠯᠠᠭᠠ ᠶᠠᠪᠤᠭᠤᠯᠳᠠᠭ᠃ ᠲᠤᠰ ᠪᠠᠶᠢᠭᠤᠯᠤᠯᠭᠠ ᠬᠠᠷᠠᠭᠠᠨ ᠤ᠋ ᠪᠡᠷᢈᠡᠰᠢᠶᠡᠯ ᠲᠡᠢ ᢈᠡᠦᢈᠡᠳ ᠦ᠋ᠳ ᠢ᠋ ᠲᠤᠰᠬᠠᠢ ᠰᠤᠷᠭᠠᠭᠤᠯᠢ ᠳ᠋ᠤ ᠬᠠᠮᠤᠷᠤᠭᠤᠯᠬᠤ᠂ ᠲᠤᠰᠬᠠᠢ ᢈᠡᠷᠡᢉᠴᠡᢉᠡᠲᠦ ᠪᠣᠯᠪᠠᠰᠤᠷᠠᠯ ᠤ᠋ᠨ ᠴᠢᢉᠯᠡᠯ ᠢ᠋ᠶᠡᠷ ᢈᠦᠮᠦᠨ ᠦ᠋ ᠨᠥᢉᠡᠴᠡ ᠪᠡᠯᠡᠳᢈᠡᢈᠦ᠂ ᠴᠢᠨᠠᠭᠰᠢᠯᠠᠭᠠᠳ ᠪᠤᠰᠤᠳ ᠴᠢᢉᠯᠡᠯ ᠢ᠋ᠶᠡᠷ ᠰᠤᠷᠭᠠᠬᠤ ᠵᠡᠷᢉᠡ ᠳ᠋ᠦ ᠪᠦ᠊᠂ ᠨᠠ᠊᠂ᠰᠤ᠊᠂ ᠤ᠊᠂ ᠤ᠋ᠨ ᠳᠡᠵᠤᠨ ᠬᠣᠲᠠ ᠲᠠᠢ ᠬᠠᠮᠲᠤᠷᠠᠬᠤ ᠪᠠᠷ ᠠᠵᠢᠯᠯᠠᠵᠤ ᠪᠠᠶᠢᠨᠠ᠃ ᠪᠣᠯᠪᠠᠰᠤᠷᠠᠯ ᠤ᠋ᠨ ᠶᠠᠮᠤᠨ ᠠ᠋ᠴᠠ ᠪᠦ᠊᠂ ᠨᠠ᠊᠂ᠰᠤ᠊᠂ ᠤ᠊᠂ ᠲᠤ ᠠᠯᠪᠠᠨ ᠪᠢᠴᠢᢉ ᠢᠯᠡᢉᠡᢉᠰᠡᠨ ᠢ᠋ᠶᠡᠷ ᠶᠠᠷᠢᠶᠠ ᢈᠡᠯᠡᠯᠴᠡᢉᠡ ᠨᠢ ᠠᠯᠪᠠᠵᠢᠨ᠂ ᠠᠵᠢᠯ ᢈᠡᠷᠡᢉ ᠪᠣᠯᠬᠤ ᠪᠣᠯᠤᠮᠵᠢᠲᠠᠢ ᠶ᠋ᠢ 《ᢈᠥᢉᠵᠢᠯ ᠦ᠋ᠨ ᠪᠦᠰᠡ》ᠲᠥ᠊᠂ ᠪᠤ᠊᠂ ᠪᠠ᠊᠂ ᠶ᠋ᠢᠨ ᠵᠥᠪᠯᠡᢈᠦ ᠵ᠊᠂ ᠪᠣᠯᠤᠳᠰᠠᠶᠢᠬᠠᠨ ᢈᠡᠯᠡᠵᠦ᠂ ᠳᠡᠮᠵᠢᠯᢉᠡ ᢈᠦᠰᠡᠯ ᠡ᠃
ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠲᠡᠳᠡᠨ ᠦ᠋ ᢈᠦᠰᠡᠯᠲᠡ ᠶ᠋ᠢ ᢈᠦᠯᠢᠶᠡᠨ ᠠᠪᠴᠤ᠂ ᠳᠡᠮᠵᠢᢈᠦ ᠪᠡᠨ ᠢᠯᠡᠷᢈᠡᠶᠢᠯᠡᠨ᠂ ᢈᠡᠷᠡᢉᠵᠢᠵᠦ ᠪᠤᠢ ᠠᠵᠢᠯ ᠤ᠋ᠳ ᠲᠤ ᠰᠠᠨᠠᠯ ᠢ᠋ ᠨᠢ ᠲᠤᠰᠬᠠᠨᠠ ᢉᠡᠪᠡ᠃ ᠮᠥᠨ ᠣᠳᠤ ᠶ᠋ᠢᠨ ᠵᠢᠷᠤᠮ ᠤ᠋ᠳ ᠲᠤ ᠳ᠋ᠦᠩ ᠰᠢᠨᠵᠢᠯᠡᢉᠡ ᢈᠢᠵᠦ᠂ ᠨᠢᢉᠡᠳᠦᢉᠰᠡᠨ ᠪᠠᠷᠢᠮᠲᠠ ᠪᠢᠴᠢᢉ ᠢ᠋ ᠪᠣᠯᠪᠠᠰᠤᠷᠠᠭᠤᠯᠬᠤ ᠪᠠᠷ ᠰᠢᠢᠳᠪᠦᠷᠢᠯᠡᠨ᠂ ᢈᠥᢉᠵᠢᠯ ᠦ᠋ᠨ ᠪᠡᠷᢈᠡᠰᠢᠶᠡᠯ ᠲᠡᠢ ᢈᠦᠮᠦᠨ ᠦ᠋ ᠡᠷᢈᠡ ᠶ᠋ᠢ ᠬᠠᠩᠭᠠᠬᠤ ᠦᠨᠳᠦᠰᠦᠨ ᠦ᠋ ᠵᠥᠪᠯᠡᠯ ᠦ᠋ᠨ ᠳᠡᠳ᠋ ᠳᠠᠷᠤᠭᠠ ᠳ᠊᠂ ᢉᠡᠷᠡᠯ ᠪᠣᠯᠪᠠᠰᠤᠷᠠᠯ ᠤ᠋ᠨ ᠰᠠᠶᠢᠳ ᠤ᠋ᠨ ᠣᠷᠤᠨ ᠲᠣᠭᠠᠨ ᠤ᠋ ᠪᠤᠰᠤ ᠵᠥᠪᠯᠡᢈᠦ ᠪᠡᠷ ᠦᠷᢉᠦᠯᠵᠢᠯᠡᢉᠦᠯᠦᠨ ᠠᠵᠢᠯᠯᠠᠬᠤ ᠪᠣᠯᠤᠯᠠ᠃
