Хаах

ᠬᠤᠪᠢ ᠶ᠋ᠢᠨ ᠴᠡᠴᠡᠷᠯᠢᢉ ᠦ᠋ᠳ ᠵᠠᠬ᠎ᠠ ᠵᠡᢉᠡᠯᠢ ᠶ᠋ᠢᠨ ᠵᠠᠷᠴᠢᠮ ᠢ᠋ᠶᠠᠷ ᠥᠷᠢᠰᠦᠯᠳᠦᢈᠦ ᠳ᠋ᠦ ᠲᠥᠷᠦ ᠰᠠᠭᠠᠳ ᠤᠴᠠᠷᠠᠭᠤᠯᠬᠤ ᠦᢉᠡᠢ

A- A A+
ᠬᠤᠪᠢ ᠶ᠋ᠢᠨ ᠴᠡᠴᠡᠷᠯᠢᢉ ᠦ᠋ᠳ ᠵᠠᠬ᠎ᠠ ᠵᠡᢉᠡᠯᠢ ᠶ᠋ᠢᠨ ᠵᠠᠷᠴᠢᠮ ᠢ᠋ᠶᠠᠷ ᠥᠷᠢᠰᠦᠯᠳᠦᢈᠦ ᠳ᠋ᠦ ᠲᠥᠷᠦ ᠰᠠᠭᠠᠳ ᠤᠴᠠᠷᠠᠭᠤᠯᠬᠤ ᠦᢉᠡᠢ

ᠪᠣᠯᠪᠠᠰᠤᠷᠠᠯ ᠤ᠋ᠨ ᠶᠠᠮᠤᠨ᠂ ᠬᠠᠷᠢᠶ᠎ᠠ ᠭᠠᠵᠠᠷ᠂ ᢈᠡᠯᠲᠡᠰ ᠦ᠋ᠨ ᠤᠳᠤᠷᠢᠳᠤᠯᠭ᠎ᠠ ᠨᠤᠭᠤᠳ ᠬᠤᠪᠢ ᠶ᠋ᠢᠨ ᠴᠡᠴᠡᠷᠯᠢᢉ ᠦ᠋ᠨ ᠡᠷᢈᠢᠯᠡᢉᠴᠢ ᠨᠠᠷ ᠲᠠᠢ ᠠᠭᠤᠯᠵᠠᠵᠤ᠂ ᠰᠤᠷᠭᠠᠭᠤᠯᠢ ᠶ᠋ᠢᠨ ᠡᠮᠦᠨᠡᢈᠢ ᠪᠣᠯᠪᠠᠰᠤᠷᠠᠯ ᠳ᠋ᠤ ᠪᠠᠷᠢᠮᠲᠠᠯᠠᠵᠤ ᠪᠤᠢ ᠪᠣᠳᠤᠯᠭ᠎ᠠ᠂ ᠴᠢᠨᠠᠭᠰᠢᠳᠠ ᠶ᠋ᠢᠨ ᠲᠥᠯᠦᠪᠯᠡᠯᠲᠡ ᠪᠡᠨ ᠲᠠᠨᠢᠯᠴᠠᠭᠤᠯᠤᠨ᠂ ᠲᠤᠯᠭᠠᠮᠳᠠᠭᠰᠠᠨ ᠠᠰᠠᠭᠤᠳᠠᠯ᠂ ᠰᠠᠨᠠᠯ ᢈᠦᠰᠡᠯᠲᠡ ᠶ᠋ᠢ ᠨᠢ ᠰᠣᠨᠤᠰᠪᠠ᠃ ᠰᠤᠷᠭᠠᠨ ᢈᠦᠮᠦᠵᠢᢉᠦᠯᢈᠦ ᠦᠶᠢᠯᠡ ᠠᠵᠢᠯᠯᠠᠭᠠᠨ ᠳ᠋ᠤ ᠲᠥᠷᠦ ᠶ᠋ᠢᠨ ᠠᠴᠢᠶᠠᠯᠠᠯ ᠠ᠋ᠴᠠ ᠡᢉᠦᠷᠦᠯᠴᠡᠵᠦ ᠪᠤᠢ ᠬᠤᠪᠢ ᠶ᠋ᠢᠨ ᠴᠡᠴᠡᠷᠯᠢᢉ ᠦ᠋ᠨ ᠤᠳᠤᠷᠢᠳᠤᠯᠭ᠎ᠠ ᠨᠤᠭᠤᠳ ᠲᠤ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠲᠠᠯᠠᠷᠬᠠᠯ ᠢᠯᠡᠷᢈᠡᠶᠢᠯᠡᠯ᠎ᠡ᠃

ᠥᠨᠦᠳᠦᠷ ᠦ᠋ᠨ ᠠᠭᠤᠯᠵᠠᠯᠲᠠ ᠳ᠋ᠤ ᠪᠠᠶᠠᠨᠭᠣᠣᠯ᠂ ᠪᠠᠶᠠᠨᠵᠢᠷᠦᢈᠡ᠂ ᠨᠠᠯᠠᠶᠢᠬᠤ᠂ ᠴᠢᠩᢉᠡᠯᠲᠡᠢ ᠳᠡᢉᠦᠷᢉᠡ ᠳ᠋ᠡᢈᠢ ᠬᠤᠪᠢ ᠶ᠋ᠢᠨ ᠥᠮᠴᠢ ᠶ᠋ᠢᠨ ᠑᠘᠑ ᠴᠡᠴᠡᠷᠯᠢᢉ ᠦ᠋ᠨ ᠡᠷᢈᠢᠯᠡᢉᠴᠢ ᠨᠠᠷ ᠣᠷᠤᠯᠴᠠᠵᠤ᠂ ᠠᠰᠠᠭᠤᠳᠠᠯ᠂ ᠰᠠᠨᠠᠯ ᠳᠡᠪᠰᠢᢉᠦᠯᠦᠨ᠂ ᠬᠣᠯᠪᠤᠭᠳᠠᠬᠤ ᠠᠯᠪᠠᠨ ᠤ ᠬᠢᠨ ᠬᠠᠷᠢᠭᠤᠯᠲᠠ ᠥᢉᠪᠡ᠃ ᠲᠤᠬᠠᠶᠢᠯᠠᠪᠠᠯ᠂ ᠡᠯᠰᠡᠯᠲᠡ ᠶ᠋ᠢ ᠨᠡᠮᠡᢉᠳᠡᢉᠦᠯᢈᠦ᠂ ᠬᠤᠪᠢᠰᠬᠤ ᠵᠠᠷᠤᠳᠠᠯ ᠢ᠋ ᠴᠠᠭ ᠠᠯᠳᠠᠯ ᠦᢉᠡᠢ ᠣᠯᠭᠤᠬᠤ᠂ ᠴᠡᠴᠡᠷᠯᠢᢉ ᠦ᠋ᠨ ᠰᠤᠷᠭᠠᠯᠲᠠ ᠶ᠋ᠢᠨ ᢈᠥᠲᠦᠯᠪᠦᠷᠢ ᠳ᠋ᠦ ᠰᠡᠳᢈᠢᠯ ᢈᠥᠳᠡᠯᠦᠯ᠂ ᠨᠡᠶᠢᢉᠡᠮᠰᠢᠯ ᠦ᠋ᠨ ᠲᠤᠬᠠᠢ ᠣᠷᠤᠭᠤᠯᠬᠤ᠂ ᠲᠤᠰᠬᠠᠢ ᢈᠡᠷᠡᢉᠴᠡᢉᠡᠲᠦ ᢈᠡᠦᢈᠡᠳ ᠦ᠋ᠳ ᠲᠦ ᠵᠣᠷᠢᠭᠤᠯᠤᠭᠰᠠᠨ ᠰᠤᠷᠭᠠᠯᠲᠠ᠂ ᠠᠷᠭ᠎ᠠ ᠵᠦᠢ ᠪᠣᠯᠤᠨ ᠨᠡᠮᠡᠯᠲᠡ ᢈᠥᠲᠦᠯᠪᠦᠷᠢ ᠶ᠋ᠢ ᠪᠣᠳᠤᠯᠭ᠎ᠠ ᠪᠠᠷ ᠳᠡᠮᠵᠢᢈᠦ ᠵᠡᠷᢉᠡ ᢈᠦᠰᠡᠯᠲᠡ ᠭᠠᠷᠭᠠᠪᠠ᠃

ᠲᠥᠷᠦ᠂ ᠬᠤᠪᠢ ᠶ᠋ᠢᠨ ᢈᠡᠪᠰᠢᠯ ᠬᠣᠭᠤᠷᠤᠨᠳᠤ ᠪᠠᠨ ᠵᠣᢈᠢᠰ ᠦᢉᠡᠢ ᠥᠷᠢᠰᠦᠯᠳᠦᢈᠦ ᠪᠤᠰᠤ ᠬᠤᠪᠢ ᠶ᠋ᠢᠨ ᠴᠡᠴᠡᠷᠯᠢᢉ ᠦ᠋ᠳ ᠦᠶᠢᠯᠡ ᠠᠵᠢᠯᠯᠠᠭ᠎ᠠ᠂ ᠣᠨᠴᠠᠯᠢᠭ ᠢ᠋ᠶᠠᠷ ᠢ᠋ᠶᠠᠨ ᠢᠯᠭᠠᠷᠠᠨ᠂ ᠵᠠᠬ᠎ᠠ ᠵᠡᢉᠡᠯᠢ ᠶ᠋ᠢᠨ ᠵᠠᠷᠴᠢᠮ ᠢ᠋ᠶᠠᠷ ᠥᠷᠢᠰᠦᠯᠳᠦᢈᠦ ᠳ᠋ᠦ ᠲᠥᠷᠦ ᠰᠠᠭᠠᠳ ᠤᠴᠠᠷᠠᠭᠤᠯᠬᠤ ᠦᢉᠡᠢ ᢉᠡᠳᠡᢉ ᠢ᠋ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠣᠨᠴᠠᠯᠠᠵᠤ᠂ ᠠᠭᠤᠯᠵᠠᠯᠲᠠ ᠶ᠋ᠢ ᠲᠣᠭᠲᠠᠮᠠᠯ ᠬᠤᠭᠤᠴᠠᠭᠠᠨ ᠳ᠋ᠤ ᠵᠣᢈᠢᠶᠠᠨ ᠪᠠᠶᠢᠭᠤᠯᠤᠨ ᠠᠰᠠᠭᠤᠳᠠᠯ᠂ ᠰᠢᠢᠳᠦᠯ᠂ ᠦᠷ᠎ᠡ ᠳ᠋ᠦᠩ ᠢ᠋ ᠶᠠᠷᠢᠯᠴᠠᠨ᠎ᠠ ᢉᠡᠪᠡ᠃ ᠮᠥᠨ ᠬᠤᠪᠢᠰᠬᠤ ᠵᠠᠷᠤᠳᠠᠯ ᠢ᠋ ᠴᠠᠭ ᠠᠯᠳᠠᠯ ᠦᢉᠡᠢ᠂ ᢈᠦᠨᠳᠦᠷᠡᠯ ᠦᢉᠡᠢ ᠣᠯᠭᠤᠬᠤ ᠵᠣᢈᠢᠴᠠᠭᠤᠯᠤᠯᠲᠠ ᢈᠢᢈᠦ ᠶ᠋ᠢ ᠬᠣᠯᠪᠤᠭᠳᠠᠬᠤ ᠠᠯᠪᠠᠨ ᠤ᠋ ᢈᠢᠨ ᠳ᠋ᠤ ᠳᠠᠭᠠᠭᠠᠯᠭᠠᠯ ᠠ᠃

ᠰᠤᠷᠭᠠᠭᠤᠯᠢ ᠶ᠋ᠢᠨ ᠡᠮᠦᠨᠡᢈᠢ ᠪᠣᠯᠪᠠᠰᠤᠷᠠᠯ ᠤ᠋ᠨ ᢈᠥᠲᠦᠯᠪᠦᠷᠢ ᠳ᠋ᠦ ᠨᠡᠶᠢᢉᠡᠮᠰᠢᢈᠦᠢ᠂ ᠠᠮᠢᠳᠤᠷᠠᠬᠤ ᠤᠬᠠᠭᠠᠨ ᠤ᠋ ᠲᠤᠬᠠᠢ ᠠᠭᠤᠯᠭ᠎ᠠ ᠶ᠋ᠢ ᠲᠤᠰᠬᠠᠬᠤ ᠪᠠᠷ ᠰᠢᠨᠡᠴᠢᠯᠡᠵᠦ ᠪᠠᠶᠢᠭ᠎ᠠ ᠪᠥᢉᠡᠳ ᢈᠡᠦᢈᠡᠳ ᠢ᠋ ᠰᠤᠷᠭᠠᠭᠤᠯᠢ ᠶ᠋ᠢᠨ ᠡᠮᠦᠨᠡᢈᠢ ᠨᠠᠰᠤᠨ ᠳ᠋ᠤ ᠨᠢ ᠰᠡᠳᢈᠢᠯ ᢈᠥᠳᠡᠯᠦᠯ᠂ ᠨᠡᠶᠢᢉᠡᠮᠰᠢᠯ ᠦ᠋ᠨ ᠲᠤᠬᠠᠢ ᠮᠡᠳᠡᠯᢉᠡ᠂ ᠴᠢᠳᠠᠪᠤᠷᠢ ᠳ᠋ᠤ ᠰᠤᠷᠭᠠᠬᠤ ᠳ᠋ᠤ ᠪᠠᠭᠰᠢ ᠠ᠋ᠴᠠ ᠭᠠᠳᠠᠨ᠎ᠠ ᢉᠡᠷ ᠪᠦᠯᠢ ᠶ᠋ᠢᠨ ᠣᠷᠤᠯᠴᠠᠭ᠎ᠠ ᠨᠡᠩ ᠴᠢᠬᠤᠯᠠ ᠤᠴᠢᠷ ᠠ᠋ᠴᠠ ᠪᠦᢈᠦ ᠲᠠᠯ᠎ᠠ ᠬᠠᠮᠲᠤᠷᠠᠨ ᠠᠵᠢᠯᠯᠠᠬᠤ ᠨᠢ ᠵᠦᠢ ᠲᠡᠢ ᠶ᠋ᠢ ᠬᠣᠯᠪᠤᠭᠳᠠᠬᠤ ᠠᠯᠪᠠᠨ ᠤ᠋ ᢈᠢᠨ ᢈᠡᠯᠡᠵᠦ ᠪᠠᠶᠢᠯ᠎ᠠ᠃

ᠴᠢᠨᠠᠭᠰᠢᠳᠠ ᠬᠤᠪᠢ ᠶ᠋ᠢᠨ ᠴᠡᠴᠡᠷᠯᠢᢉ ᠦ᠋ᠳ ᠠᠰᠠᠭᠤᠳᠠᠯ᠂ ᠰᠠᠨᠠᠯ ᠢ᠋ᠶᠠᠨ ᠪᠣᠳᠤᠯᠭ᠎ᠠ ᠰᠢᠢᠳᠪᠦᠷᠢ ᠳ᠋ᠦ ᠲᠤᠰᠬᠠᠭᠤᠯᠬᠤ ᠶ᠋ᠢᠨ ᠲᠤᠯᠠᠳᠠ ᠮᠡᠷᢉᠡᠵᠢᠯ ᠦ᠋ᠨ ᠨᠢᢉᠡᠳᠦᢉᠰᠡᠨ ᠬᠣᠯᠪᠤᠭᠠᠲᠠᠢ ᠪᠠᠨ ᠤᠶᠠᠯᠳᠤᠭᠠᠲᠠᠢ ᠪᠠᠶᠢᠵᠤ᠂ ᢈᠡᠯᠡᠯᠴᠡᠵᠦ ᠨᠢᢉᠡᠳᢈᠡᢉᠰᠡᠨ ᢈᠦᠰᠡᠯᠲᠡ ᠪᠡᠨ ᠢᠷᠡᢉᠦᠯᠦᢉᠰᠡᠨ ᠢ᠋ᠶᠡᠷ ᠣᠶᠢᠯᠠᠭᠠᠮᠵᠢᠲᠠᠢ᠂ ᠴᠡᢉᠴᠡ ᠲᠡᠢ ᠬᠠᠮᠲᠤᠷᠠᠨ ᠠᠵᠢᠯᠯᠠᠬᠤ ᠪᠣᠯᠤᠮᠵᠢ ᠲᠠᠢ ᠶ᠋ᠢ ᠪᠣᠯᠪᠠᠰᠤᠷᠠᠯ ᠤ᠋ᠨ ᠰᠠᠶᠢᠳ ᠤ᠋ᠨ ᠵᠥᠪᠯᠡᢈᠦ ᠳ᠊᠂ ᠭᠠᠩᠲᠤᠯᠭ᠎ᠠ ᠣᠨᠴᠠᠯᠠᠪᠠ᠃