ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠶᠠᠮᠤᠨ᠂ ᠬᠠᠷᠢᠶᠠ ᠪᠠᠶᠢᠭᠤᠯᠤᠯᠭᠠ ᠶ᠋ᠢᠨ ᠤᠳᠤᠷᠢᠳᠤᠯᠭᠠ ᠨᠤᠭᠤᠳ ᠤ᠋ᠨ ᠬᠠᠮᠲᠤ ᠵᠠᠰᠠᠭ ᠤ᠋ᠨ ᠭᠠᠵᠠᠷ ᠤ᠋ᠨ ᠢᠷᢉᠡᠳ᠂ ᠣᠯᠠᠨ ᠨᠡᠶᠢᠲᠡ ᠲᠡᠢ ᠬᠠᠷᠢᠯᠴᠠᠬᠤ ᠑᠑᠆᠑᠑ ᠲᠥᠪ ᠲᠦ ᠠᠵᠢᠯᠯᠠᠵᠤ᠂ ᠢᠷᢉᠡᠳ ᠲᠡᠢ ᠠᠭᠤᠯᠵᠠᠪᠠ᠃
ᠢᠷᢉᠡᠳ ᠡᠴᠡ ᠶᠡᠷᠦᠩᢈᠡᠢ ᠪᠣᠯᠪᠠᠰᠤᠷᠠᠯ ᠤ᠋ᠨ ᠰᠤᠷᠭᠠᠯᠲᠠ ᠶ᠋ᠢᠨ ᢈᠥᠲᠦᠯᠪᠦᠷᠢ᠂ ᠰᠤᠷᠬᠤ ᠪᠢᠴᠢᢉ ᠦ᠋ᠨ ᠠᠭᠤᠯᠭᠠ᠂ ᠴᠢᠨᠠᠷ᠂ ᠰᠤᠷᠭᠠᠭᠤᠯᠢ᠂ ᠴᠡᠴᠡᠷᠯᠢᢉ ᠦ᠋ᠨ ᢈᠦᠷᠲᠡᢉᠡᠮᠵᠢ᠂ ᠰᠢᠨᠡ ᠪᠠᠷᠢᠯᠭᠠ ᠪᠣᠯᠤᠨ ᠥᠷᢉᠡᠳᢈᠡᠯ᠂ ᠪᠠᠭᠰᠢ ᠠᠵᠢᠯᠲᠠᠨ ᠨᠤᠭᠤᠳ᠂ ᠰᠤᠷᠭᠠᠭᠤᠯᠢ ᠣᠷᠴᠢᠨ ᠤ᠋ ᠠᠶᠤᠯ ᠦᢉᠡᠢ ᠪᠠᠶᠢᠳᠠᠯ᠂ ᠲᠤᠰᠬᠠᠢ ᢈᠡᠷᠡᢉᠴᠡᢉᠡᠲᠦ ᢈᠡᠦᢈᠡᠳ ᠦ᠋ᠳ ᠢ᠋ ᠲᠡᢉᠰᠢ ᠬᠠᠮᠤᠷᠤᠨ ᠰᠤᠷᠭᠠᠬᠤ ᠵᠡᠷᢉᠡ ᠠᠰᠠᠭᠤᠳᠠᠯ ᠢ᠋ᠶᠠᠷ ᠰᠠᠨᠠᠯ ᢈᠦᠰᠡᠯᠲᠡ ᠢᠯᠡᠷᢈᠡᠶᠢᠯᠡᠯᠡ᠃ ᠲᠡᢉᠦᠨᠴᠢᠯᠡᠨ ᠲᠡᠳᢈᠦᠪᠦᠷᠢ ᠳ᠋ᠦ ᠭᠠᠷᠤᠭᠰᠠᠨ ᠪᠠᠭᠰᠢ ᠨᠠᠷ ᠪᠣᠯᠤᠨ ᠡᠨᠡ ᠮᠡᠷᢉᠡᠵᠢᠯ ᠢ᠋ᠶᠡᠷ ᠰᠤᠷᠤᠯᠴᠠᠵᠤ ᠪᠠᠶᠢᠭᠠ ᠲᠡᢉᠦᠰᢈᠦ ᠠᠩᢉᠢ ᠶ᠋ᠢᠨ ᠣᠶᠤᠲᠠᠨ ᠨᠤᠭᠤᠳ ᠢ᠋ ᠪᠠᠭᠰᠢ ᠪᠠᠷ ᠠᠵᠢᠯᠯᠠᠭᠤᠯᠬᠤ᠂ ᠰᠢᠨᠵᠢᠯᠡᢈᠦ ᠤᠬᠠᠭᠠᠨ ᠤ᠋ ᠴᠢᢉᠯᠡᠯ ᠢ᠋ᠶᠡᠷ ᠪᠠᠭᠰᠢᠯᠠᠬᠤ ᠡᠷᢈᠡ ᠣᠯᠭᠤᠬᠤ ᠵᠡᠷᢉᠡ ᠪᠠᠭᠰᠢ ᠶ᠋ᠢᠨ ᠬᠣᠮᠰᠠᠳᠠᠯ ᠢ᠋ ᠨᠥᢈᠦᢈᠦ ᠪᠣᠳᠤᠯᠭᠠ ᠶ᠋ᠢ ᠳᠡᠮᠵᠢᠵᠦ ᠪᠤᠢ ᠪᠠᠨ ᢈᠡᠯᠡᠵᠦ ᠪᠠᠶᠢᠪᠠ᠃

ᠵᠠᠰᠠᠭ ᠤ᠋ᠨ ᠭᠠᠵᠠᠷ ᠤ᠋ᠨ ᠬᠤᠷᠠᠯᠳᠤᠭᠠᠨ ᠢ᠋ᠶᠠᠷ ᠶᠡᠷᠦᠩᢈᠡᠢ ᠰᠠᠶᠢᠳ ᠯ᠊᠂ ᠣᠶᠤᠨ ᠆ ᠡᠷᠳᠡᠨᠢ ᠢᠷᢉᠡᠳ ᠡᠴᠡ ᠢᠷᠡᢉᠦᠯᠦᢉᠰᠡᠨ ᠰᠠᠨᠠᠯ ᢈᠦᠰᠡᠯᠲᠡ᠂ ᠡᠷᢉᠦᠳᠡᠯ ᠭᠣᠮᠤᠳᠠᠯ ᠳ᠋ᠤ ᠬᠠᠤᠯᠢ ᠲᠣᠭᠲᠠᠭᠠᠮᠵᠢ ᠶ᠋ᠢᠨ ᢈᠦᠷᠢᠶᠡᠨ ᠳ᠋ᠦ ᠬᠠᠷᠢᠭᠤ ᠥᢉᠴᠦ᠂ ᠲᠥᠷᠦ ᠶ᠋ᠢᠨ ᠦᠢᠯᠡᠴᠢᠯᠡᢉᠡ ᠶ᠋ᠢ ᠲᠦᠷᢉᠡᠨ ᠰᠢᠭᠤᠷᠬᠠᠢ ᠦᠵᠡᢉᠦᠯᢈᠦ ᠶ᠋ᠢ ᠵᠠᠰᠠᠭ ᠤ᠋ᠨ ᠭᠠᠵᠠᠷ ᠤ᠋ᠨ ᢉᠡᠰᠢᢉᠦᠳ᠂ ᠠᢉᠧᠨ᠋ᠲ᠋ᠯᠢᠭ ᠤ᠋ᠨ ᠳᠠᠷᠤᠭᠠ᠂ ᠠᠶᠢᠮᠠᠭ᠂ ᠨᠡᠶᠢᠰᠯᠡᠯ ᠦ᠋ᠨ ᠵᠠᠰᠠᠭ ᠳᠠᠷᠤᠭᠠ ᠨᠠᠷ ᠲᠤ ᠡᢉᠦᠷᢉᠡ ᠪᠣᠯᠭᠠᠭᠰᠠᠨ᠃ ᠡᠨᠡ ᠳᠠᠭᠠᠭᠤ ᠪᠣᠯᠪᠠᠰᠤᠷᠠᠯ ᠤ᠋ᠨ ᠶᠠᠮᠤᠨ᠂ ᠬᠠᠷᠢᠶᠠ ᠪᠠᠶᠢᠭᠤᠯᠤᠯᠭᠠ ᠨᠤᠭᠤᠳ ᠤ᠋ᠨ ᠬᠣᠯᠪᠤᠭᠳᠠᠬᠤ ᠮᠡᠷᢉᠡᠵᠢᠯᠲᠡᠨ ᠨᠦ᠋ᢉᠦᠳ ᠑᠐ ᠰᠠᠷᠠ ᠶ᠋ᠢᠨ ᠑ ᢈᠦᠷᠲᠡᠯᠡ ᠢᠷᢉᠡᠳ᠂ ᠣᠯᠠᠨ ᠨᠡᠶᠢᠲᠡ ᠲᠡᠢ ᠬᠠᠷᠢᠯᠴᠠᠬᠤ ᠑᠑᠆ ᠑᠑ ᠲᠥᠪ ᠲᠦ ᠠᠵᠢᠯᠯᠠᠵᠤ᠂ ᠢᠷᢉᠡᠳ ᠦ᠋ᠨ ᠰᠠᠨᠠᠯ ᢈᠦᠰᠡᠯᠲᠡ ᠶ᠋ᠢ ᢈᠦᠯᠢᠶᠡᠨ ᠠᠪᠬᠤ ᠶᠤᠮ᠃
