Хаах

ᠮᠣᠩᠭᠣᠯ ᠶᠠᠫᠤᠨ ᠤ᠋ ᠡᠮᠨᠡᠯᢉᠡ᠂ ᠢᠨ᠋ᠵᠧᠨᠧᠷ᠂ ᠲᠧᠻᠨᠣᠯᠣᢉᠢ ᠶ᠋ᠢᠨ ᠳᠡᢉᠡᠳᠦ ᠪᠣᠯᠪᠠᠰᠤᠷᠠᠯ ᠤ᠋ᠨ ᠲᠥᠰᠦᠯ ᠦ᠋ᠨ ᠲᠠᠯ᠎ᠠ ᠪᠠᠷ ᠰᠠᠨᠠᠯ ᠰᠣᠯᠢᠯᠴᠠᠪᠠ

A- A A+
ᠮᠣᠩᠭᠣᠯ ᠶᠠᠫᠤᠨ ᠤ᠋ ᠡᠮᠨᠡᠯᢉᠡ᠂ ᠢᠨ᠋ᠵᠧᠨᠧᠷ᠂ ᠲᠧᠻᠨᠣᠯᠣᢉᠢ ᠶ᠋ᠢᠨ ᠳᠡᢉᠡᠳᠦ ᠪᠣᠯᠪᠠᠰᠤᠷᠠᠯ ᠤ᠋ᠨ ᠲᠥᠰᠦᠯ ᠦ᠋ᠨ ᠲᠠᠯ᠎ᠠ ᠪᠠᠷ ᠰᠠᠨᠠᠯ ᠰᠣᠯᠢᠯᠴᠠᠪᠠ

ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠶᠠᠫᠤᠨ ᠤ᠋ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭᠠᠨ ᠤ᠋ ᠪᠠᠶᠢᠭᠤᠯᠤᠯᠭ᠎ᠠ /ᠵᠠᠶᠢᠻᠠ/‍᠆ ᠶ᠋ᠢᠨ ᠮᠣᠩᠭᠣᠯ ᠳ᠋ᠠᢈᠢ ᠲᠥᠯᠦᢉᠡᠯᠡᢉᠴᠢ ᠶ᠋ᠢᠨ ᠭᠠᠵᠠᠷ ᠤ᠋ᠨ ᠳᠠᠷᠤᠭ᠎ᠠ ᠠᠰᠠᠨ ᠲᠠᠨᠠᠻᠠ ᠰᠢᠨᠢᠴᠢ ᠨᠤᠲᠤᠭ ᠪᠤᠴᠠᠵᠤ᠂ ᠰᠢᠨ᠎ᠡ ᠳᠠᠷᠤᠭ᠎ᠠ ᠪᠠᠷ ᠮᠢᠶᠠᢉᠢ ᠻᠡᠨᠰᠦ᠋ᠻᠡ ᠲᠣᠮᠢᠯᠠᠭᠳᠠᠵᠤ ᠪᠤᠢ ᠶ᠋ᠢ ᠲᠣᢈᠢᠶᠠᠯᠳᠤᠭᠤᠯᠤᠨ ᢈᠦᠯᠢᠶᠡᠨ ᠠᠪᠴᠤ ᠠᠭᠤᠯᠵᠠᠯ᠎ᠠ᠃ ᠲᠠᠯ᠎ᠠ ᠨᠤᠭᠤᠳ ᠵᠠᠶᠢᠻᠠ᠆ ᠠᠴᠠ ᠮᠣᠩᠭᠣᠯ ᠤᠯᠤᠰ ᠲᠤ ᢈᠡᠷᠡᢉᠵᠢᢉᠦᠯᠵᠦ ᠪᠤᠢ ᠲᠥᠰᠦᠯ ᢈᠥᠲᠦᠯᠪᠦᠷᠢ ᠶ᠋ᠢᠨ ᠦᠶᠢᠯᠡ ᠶᠠᠪᠤᠴᠠ ᠶ᠋ᠢ ᠶᠠᠷᠢᠯᠴᠠᠵᠤ᠂ ᠴᠢᠨᠠᠭᠰᠢᠳᠠ ᠶ᠋ᠢᠨ ᠬᠠᠮᠲᠤ ᠶ᠋ᠢᠨ ᠠᠵᠢᠯᠯᠠᠭᠠᠨ ᠤ᠋ ᠲᠠᠯ᠎ᠠ ᠪᠠᠷ ᠰᠠᠨᠠᠯ ᠰᠣᠯᠢᠯᠴᠠᠪᠠ᠃

ᠥᠩᢉᠡᠷᠡᢉᠰᠡᠨ ᠬᠤᠭᠤᠴᠠᠭᠠᠨ ᠳ᠋ᠤ ᠮᠣᠩᠭᠣᠯ ᠤᠯᠤᠰ ᠤ᠋ᠨ ᠪᠣᠯᠪᠠᠰᠤᠷᠠᠯ ᠤ᠋ᠨ ᠰᠠᠯᠪᠤᠷᠢ ᠶ᠋ᠢᠨ ᢈᠥᢉᠵᠢᠯ ᠳ᠋ᠦ ᠬᠤᠪᠢ ᠨᠡᠮᠡᠷᠢ ᠣᠷᠤᠭᠤᠯᠤᠨ ᠠᠵᠢᠯᠯᠠᠭᠰᠠᠨ ᠵᠠᠶᠢᠻᠠ ᠶ᠋ᠢᠨ ᠮᠣᠩᠭᠣᠯ ᠳ᠋ᠠᢈᠢ ᠲᠥᠯᠦᢉᠡᠯᠡᢉᠴᠢ ᠶ᠋ᠢᠨ ᠭᠠᠵᠠᠷ ᠤ᠋ᠨ ᠳᠠᠷᠤᠭ᠎ᠠ ᠠᠰᠠᠨ ᠲᠠᠨᠠᠻᠠ ᠰᠢᠨᠢᠴᠢ ᠳᠦ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠲᠠᠯᠠᠷᠬᠠᠯ ᠢᠯᠡᠷᢈᠡᠶᠢᠯᠡᠵᠦ᠂ ᠠᠮᠵᠢᠯᠲᠠ ᢈᠦᠰᠡᠯ ᠡ᠃

ᠮᠣᠩᠭᠣᠯ ᠤᠯᠤᠰ ᠤ᠋ᠨ ᠵᠠᠰᠠᠭ ᠤ᠋ᠨ ᠭᠠᠵᠠᠷ᠂ ᠵᠠᠶᠢᠻᠠ ᠆ ᠶ᠋ᠢᠨ ᠬᠠᠮᠲᠤᠷᠠᠨ ᠪᠠᠭᠰᠢ᠂ ᠣᠶᠤᠲᠠᠨ ᠰᠣᠯᠢᠯᠴᠠᠭ᠎ᠠ᠂ ᢈᠦᠮᠦᠨ ᠦ᠋ ᠨᠥᢉᠡᠴᠡ ᠶ᠋ᠢ ᠴᠢᠳᠠᠪᢈᠢᠵᠢᠭᠤᠯᠬᠤ᠂ ᠰᠤᠳᠤᠯᠭᠠᠨ ᠤ᠋ ᠯᠠᠪᠣᠷᠠᠲ᠋ᠣᠷᠢ ᠨᠤᠭᠤᠳ ᠢ᠋ ᠲᠣᠨᠤᠭ ᠲᠥᢈᠦᢉᠡᠷᠦᠮᠵᠢ ᠪᠡᠷ ᠬᠠᠩᠭᠠᠬᠤ᠂ ᠦᠳᠡ ᠶ᠋ᠢᠨ ᠬᠣᠭᠤᠯᠠᠨ ᠤ᠋ ᠰᠢᠮ᠎ᠡ ᠲᠡᠵᠢᢉᠡᠯ ᠦ᠋ᠨ ᠲᠡᠩᠴᠡᠪᠦᠷᠢ ᠶ᠋ᠢ ᠬᠠᠩᠭᠠᠬᠤ ᠵᠡᠷᢉᠡ ᠣᠯᠠᠨ ᠲᠥᠰᠦᠯ ᢈᠥᠲᠦᠯᠪᠦᠷᠢ ᢈᠡᠷᠡᢉᠵᠢᢉᠦᠯᠦᢉᠰᠡᠨ ᠢ᠋ ᠲᠠᠯ᠎ᠠ ᠨᠤᠭᠤᠳ ᠣᠨᠴᠠᠯᠠᠨ ᠶᠠᠷᠢᠯᠴᠠᠪᠠ᠃

ᠲᠡᢉᠦᠨᠴᠢᠯᠡᠨ ᠮᠣᠩᠭᠣᠯ ᠤᠯᠤᠰ ᠤ᠋ᠨ ᠠᠩᠬᠠᠨ ᠤ᠋ ᠶᠡᢈᠡ ᠰᠤᠷᠭᠠᠭᠤᠯᠢ ᠶ᠋ᠢᠨ ᠡᠮᠨᠡᠯᢉᠡ ᠪᠣᠯᠬᠤ ᠠ᠊᠂ ᠰᠢ᠊᠂ ᠤ᠊᠂ ᠶᠡ᠊᠂ ᠰᠤ‍᠂ ᠆ ᠶ᠋ᠢᠨ ᠬᠠᠷᠢᠶ᠎ᠠ ᠮᠣᠩᠭᠣᠯ ᠶᠠᠫᠣᠨ ᠤ᠋ ᠡᠮᠨᠡᠯᢉᠡ᠂ ᠢᠨ᠋ᠵᠧᠨᠧᠷ᠂ ᠲᠧᠻᠨᠣᠯᠣᢉᠢ ᠶ᠋ᠢᠨ ᠳᠡᢉᠡᠳᠦ ᠪᠣᠯᠪᠠᠰᠤᠷᠠᠯ ᠤ᠋ᠨ ᠲᠥᠰᠦᠯ ᠢ᠋ ᠥᠷᢉᠡᠵᠢᢉᠦᠯᢈᠦ ᠴᠢᢉᠯᠡᠯ ᠢ᠋ᠶᠡᠷ ᠰᠠᠨᠠᠯ ᠰᠣᠯᠢᠯᠴᠠᠨ᠂ ᠬᠠᠷᠢᠯᠴᠠᠨ ᠳᠡᠮᠵᠢᠵᠦ ᠬᠠᠮᠲᠤ ᠶ᠋ᠢᠨ ᠠᠵᠢᠯᠯᠠᠭ᠎ᠠ ᠶ᠋ᠢ ᠲᠡᠯᠡᠨ᠎ᠡ ᢉᠡᠳᠡᢉ ᠢ᠋ᠶᠡᠨ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ᠂ ᠵᠠᠶᠢᠻᠠ ᠆ ᠤ᠋ᠨ ᠮᠣᠩᠭᠣᠯ ᠳᠠᢈᠢ ᠲᠥᠯᠦᢉᠡᠯᠡᢉᠴᠢ ᠶ᠋ᠢᠨ ᠭᠠᠵᠠᠷ ᠤ᠋ᠨ ᠳᠠᠷᠤᠭ᠎ᠠ ᠮᠢᠶᠠᢉᠢ ᠻᠡᠨᠰᠦ᠋ᠻᠠ ᠨᠠᠷ ᠢᠯᠡᠷᢈᠡᠶᠢᠯᠡᠪᠡ᠃