Хаах

ᠴᠡᠴᠡᠷᠯᠢᢉ ᠦ᠋ᠨ ᠡᠷᢈᠢᠯᠡᢉᠴᠢ ᠨᠠᠷ ᠲᠠᠢ ᠠᠭᠤᠯᠵᠠᠵᠤ ᠡᢈᠢᠯᠡᠯ᠎ᠡ

A- A A+
ᠴᠡᠴᠡᠷᠯᠢᢉ ᠦ᠋ᠨ ᠡᠷᢈᠢᠯᠡᢉᠴᠢ ᠨᠠᠷ ᠲᠠᠢ ᠠᠭᠤᠯᠵᠠᠵᠤ ᠡᢈᠢᠯᠡᠯ᠎ᠡ

ᠨᠡᠶᠢᠰᠯᠡᠯ ᠳ᠋ᠡᢈᠢ ᠴᠡᠴᠡᠷᠯᠢᢉ ᠦ᠋ᠳ ᠲᠦ ᠲᠤᠯᠭᠠᠮᠳᠠᠵᠤ ᠪᠤᠢ ᠠᠰᠠᠭᠤᠳᠠᠯ ᠤ᠋ᠳ ᠢ᠋ ᠶᠠᠷᠢᠯᠴᠠᠵᠤ᠂ ᠰᠢᠢᠳᠪᠦᠷᠢᠯᠡᢈᠦ ᠵᠣᠷᠢᠯᠭ᠎ᠠ ᠪᠠᠷ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠵᠥᠪᠯᠡᢈᠦ ᠳ᠊᠂ ᠭᠠᠩᠲᠤᠯᠭ᠎ᠠ ᠪᠣᠯᠤᠨ ᠪᠤᠰᠤᠳ ᠬᠣᠯᠪᠤᠭᠳᠠᠬᠤ ᠠᠯᠪᠠᠨ ᠤ᠋ ᢈᠢᠨ ᠤ᠋ ᠬᠠᠮᠲᠤ ᠴᠡᠴᠡᠷᠯᠢᢉ ᠦ᠋ᠨ ᠡᠷᢈᠢᠯᠡᢉᠴᠢ ᠨᠠᠷ ᠲᠠᠢ ᠠᠭᠤᠯᠵᠠᠵᠤ ᠡᢈᠢᠯᠡᠯ᠎ᠡ᠃ ᠥᠨᠦᠳᠦᠷ ᠪᠠᠭᠠᠬᠠᠩᠭᠠᠢ᠂ ᠪᠠᠶᠠᠨᠵᠢᠷᠦᢈᠡ᠂ ᠨᠠᠯᠠᠶᠢᠬᠤ᠂ ᠰᠦᢈᠡᠪᠠᠭᠠᠲᠤᠷ ᠳᠡᢉᠦᠷᢉᠡ ᠳ᠋ᠡᢈᠢ ᠣᠷᠤᠨ ᠨᠤᠲᠤᠭ ᠤ᠋ᠨ ᠥᠮᠴᠢ ᠶ᠋ᠢᠨ ᠴᠡᠴᠡᠷᠯᠢᢉ ᠦ᠋ᠨ ᠡᠷᢈᠢᠯᠡᢉᠴᠢ ᠨᠠᠷ ᠲᠠᠢ ᠠᠭᠤᠯᠵᠠᠵᠤ᠂ ᠰᠤᠷᠭᠠᠭᠤᠯᠢ ᠶ᠋ᠢᠨ ᠡᠮᠦᠨᠡᢈᠢ ᠪᠣᠯᠪᠠᠰᠤᠷᠠᠯ ᠳ᠋ᠤ ᠪᠠᠷᠢᠮᠲᠠᠯᠠᠵᠤ ᠪᠤᠢ ᠪᠣᠳᠤᠯᠭ᠎ᠠ᠂ ᠴᠢᠨᠠᠭᠰᠢᠳᠠ ᠶ᠋ᠢᠨ ᠲᠥᠯᠦᠪᠯᠡᠯᠲᠡ ᠪᠡᠨ ᠲᠠᠨᠢᠯᠴᠠᠭᠤᠯᠤᠨ᠂ ᠰᠠᠨᠠᠯ ᢈᠦᠰᠡᠯᠲᠡ ᠶ᠋ᠢ ᠨᠢ ᠰᠣᠨᠤᠰᠪᠠ᠃

ᠡᠨᠡ ᢈᠢᠴᠢᠶᠡᠯ ᠦ᠋ᠨ ᠵᠢᠯ ᠳ᠋ᠦ ᠨᠡᠶᠢᠰᠯᠡᠯ ᠦ᠋ᠨ ᢈᠡᠮᠵᠢᠶᠡᠨ ᠳ᠋ᠦ ᠲᠥᠷᠦ ᠶ᠋ᠢᠨ ᠪᠣᠯᠤᠨ ᠬᠤᠪᠢ ᠶ᠋ᠢᠨ ᠥᠮᠴᠢ ᠶ᠋ᠢᠨ ᠖᠕᠙ ᠴᠡᠴᠡᠷᠯᠢᢉ ᠦᠶᠢᠯᠡ ᠠᠵᠢᠯᠯᠠᠭ᠎ᠠ ᠶᠠᠪᠤᠭᠤᠯᠵᠤ ᠪᠠᠶᠢᠭ᠎ᠠ ᠠ᠋ᠴᠠ ᠳᠡᢉᠡᠷᠡᢈᠢ ᠳᠥᠷᠪᠡᠨ ᠳᠡᢉᠦᠷᢉᠡ ᠶ᠋ᠢᠨ ᠑᠑᠒ ᠴᠡᠴᠡᠷᠯᠢᢉ ᠦ᠋ᠨ ᠡᠷᢈᠢᠯᠡᢉᠴᠢ ᠨᠠᠷ ᠥᠨᠦᠳᠦᠷ ᠦ᠋ᠨ ᠠᠭᠤᠯᠵᠠᠯᠲᠠ ᠳ᠋ᠤ ᠣᠷᠤᠯᠴᠠᠯ᠎ᠠ᠃

ᠴᠡᠴᠡᠷᠯᠢᢉ ᠦ᠋ᠨ ᢈᠡᠦᢈᠡᠳ ᠦ᠋ᠨ ᠬᠣᠭᠤᠯᠠᠨ ᠤ᠋ ᠲᠡᢉᠦᢈᠡᠢ ᠡᠳ᠋ ᠦ᠋ᠨ ᠵᠠᠷᠤᠳᠠᠯ ᠢ᠋ ᠨᠡᠮᠡᢉᠳᠡᢉᠦᠯᠵᠦ ᠪᠠᠶᠢᠭᠠᠳ ᠡᠷᢈᠢᠯᠡᢉᠴᠢ ᠨᠠᠷ ᠲᠠᠯᠠᠷᠬᠠᠯ ᠢᠯᠡᠷᢈᠡᠶᠢᠯᠡᠵᠦ᠂ ᠴᠠᠯᠢᠩ ᢈᠥᠯᠦᠰᠦ᠂ ᠤᠯᠤᠰ ᠤ᠋ᠨ ᠦᠢᠯᠡᠳᠪᠦᠷᠢ ᠶ᠋ᠢᠨ ᠭᠠᠵᠠᠷ ᠤ᠋ᠳ ᠤ᠋ᠨ ᠨᠡᠶᠢᠯᠡᢉᠦᠯᠵᠦ ᠪᠤᠢ ᢈᠦᠨᠡᠰᠦᠨ ᠦ᠋ ᠪᠦᠲᠦᢉᠡᢉᠳᠡᢈᠦᠨ ᠦ᠋ ᠦᠨ᠎ᠡ ᠥᠷᠲᠡᢉ ᠪᠣᠯᠤᠨ ᠴᠢᠨᠠᠷ᠂ ᠭᠠᠯ ᠲᠣᠭᠤᠭᠠᠨ ᠤ᠋ ᢈᠦᠴᠦᠨ ᠴᠢᠳᠠᠯ᠂ ᠣᠷᠤᠨ ᠲᠣᠭᠠᠨ ᠤ᠋ ᠨᠣᠷᠮᠠᠲᠢᠸ ᠵᠡᠷᢉᠡ ᠠᠰᠠᠭᠤᠳᠠᠯ ᠢ᠋ᠶᠠᠷ ᠰᠠᠨᠠᠯ ᢈᠦᠰᠡᠯᠲᠡ ᢈᠡᠯᠡᠪᠡ᠃

ᠪᠣᠯᠪᠠᠰᠤᠷᠠᠯ ᠤ᠋ᠨ ᠶᠠᠮᠤᠨ ᠠ᠋ᠴᠠ ᠴᠡᠴᠡᠷᠯᠢᢉ ᠦ᠋ᠨ ᠪᠠᠭᠰᠢ᠂ ᠡᠷᢈᠢᠯᠡᢉᠴᠢ ᠨᠠᠷ ᠤ᠋ᠨ ᠴᠠᠯᠢᠩ ᠬᠠᠩᠭᠠᠮᠵᠢ ᠶ᠋ᠢ ᠨᠡᠮᠡᢉᠳᠡᢉᠦᠯᢈᠦ᠂ ᠭᠠᠯ ᠲᠣᠭᠤᠭᠠᠨ ᠤ᠋ ᢈᠦᠴᠦᠨ ᠴᠢᠳᠠᠯ᠂ ᠲᠣᠨᠤᠭ ᠲᠥᢈᠦᢉᠡᠷᠦᠮᠵᠢ ᠶ᠋ᠢ ᠰᠠᠶᠢᠵᠢᠷᠠᠭᠤᠯᠬᠤ ᠵᠡᠷᢉᠡ ᠱᠠᠭᠠᠷᠳᠠᠯᠭ᠎ᠠ ᠲᠠᠢ ᠠᠵᠢᠯ ᠤ᠋ᠳ ᠢ᠋ ᠦᠶ᠎ᠡ ᠱᠠᠲᠤ ᠲᠠᠢ ᠪᠠᠷ ᠲᠥᠯᠦᠪᠯᠡᠨ ᢉᠦᠶᠢᠴᠡᠳᢈᠡᠵᠦ ᠪᠠᠶᠢᠭ᠎ᠠ ᠪᠥᢉᠡᠳ ᠮᠡᠷᢉᠡᠰᠢᠯ ᠦ᠋ᠨ ᠵᠡᠷᢉᠡ ᠶ᠋ᠢᠨ ᠲᠤᠬᠠᠢ ᠰᠢᠨᠡᠴᠢᠯᠡᢉᠰᠡᠨ ᠵᠢᠷᠤᠮ ᠢ᠋ ᠬ᠂ ᠵ᠊᠂ ᠳ᠊᠂ ᠬ᠂ ᠶᠠ᠊᠂ ᠳ᠋ᠤ ᠪᠦᠷᠢᠳᢈᠡᢉᠦᠯᢈᠦ ᠪᠡᠷ ᢈᠦᠷᢈᠡᢉᠦᠯᠦᢉᠰᠡᠨ ᠲᠠᠯ ᠠ ᠪᠠᠷ ᠮᠡᠳᠡᢉᠡᠯᠡᠯ ᠥᠭᠭᠦᠯ ᠡ᠃ ᠮᠥᠨ ᠠᠭᠤᠯᠵᠠᠯᠲᠠ ᠶ᠋ᠢᠨ ᠦᠶ᠎ᠡ ᠪᠡᠷ ᠡᠷᢈᠢᠯᠡᢉᠴᠢ ᠨᠠᠷ ᠠ᠋ᠴᠠ ᠭᠠᠷᠤᠭᠰᠠᠨ ᠰᠠᠨᠠᠯ ᢈᠦᠰᠡᠯᠲᠡ ᠶ᠋ᠢ ᢈᠦᠯᠢᠶᠡᠨ ᠠᠪᠴᠤ᠂ ᠰᠢᠢᠳᠪᠦᠷᠢᠯᠡᢈᠦ ᠪᠡᠷ ᠠᠵᠢᠯᠯᠠᠨ᠎ᠠ ᢉᠡᠳᠡᢉ ᠢ᠋ᠶᠡᠨ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠢᠯᠡᠷᢈᠡᠶᠢᠯᠡᠪᠡ᠃