ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠵᠡᢉᠦᠨ ᠪᠦᠰᠡ ᠬᠠᠷᠢᠭᠤᠴᠠᠭᠰᠠᠨ ᠵᠥᠪᠯᠡᢈᠦ ᠯ᠊᠂ ᡀᠠᠭᠪᠠᠰᠦ᠋ᠷᠦᠩ ᠦ᠋ᠨ ᠬᠠᠮᠲᠤ ᠨᠢ᠊᠂ ᠦ᠊᠂ ᠪᠠ᠊᠂ ᠶ᠋ᠢᠨ ᢈᠡᠦᢈᠡᠳ ᠦ᠋ᠨ ᠰᠠᠩ ᠤ᠋ᠨ ᠠᠽᠢ᠂ ᠨᠣᠮᠤᠬᠠᠨ ᠳᠠᠯᠠᠢ ᠶ᠋ᠢᠨ ᠪᠦᠰᠡ ᠶ᠋ᠢᠨ ᠪᠣᠯᠪᠠᠰᠤᠷᠠᠯ ᠤ᠋ᠨ ᠵᠥᠪᠯᠡᢈᠦ ᠮᠢᠼᠦ᠋ᠭᠡ ᠤᠡᠮᠤᠷᠠᠭ ᢈᠦᠯᠢᠶᠡᠨ ᠠᠪᠴᠤ ᠠᠭᠤᠯᠵᠠᠨ᠂ ᠴᠢᠨᠠᠭᠰᠢᠳᠠ ᠶ᠋ᠢᠨ ᠬᠠᠮᠲᠤ ᠶ᠋ᠢᠨ ᠠᠵᠢᠯᠯᠠᠭᠠᠨ ᠤ᠋ ᠲᠠᠯᠠ ᠪᠠᠷ ᠰᠠᠨᠠᠯ ᠰᠣᠯᠢᠯᠴᠠᠯᠠ᠃
ᠨᠢ᠊᠂ ᠦ᠊᠂ ᠪᠠ᠊᠂ ᠶ᠋ᠢᠨ ᢈᠡᠦᢈᠡᠳ ᠦ᠋ᠨ ᠰᠠᠩ ᠨᠢ ᠲᠣᠭᠲᠠᠪᠤᠷᠢ ᠲᠠᠢ ᢈᠥᢉᠵᠢᠯ ᠦ᠋ᠨ ᠵᠣᠷᠢᠯᠲᠠ ᠔ ᠪᠣᠯᠬᠤ《ᠴᠢᠨᠠᠷ ᠲᠠᠢ ᠪᠣᠯᠪᠠᠰᠤᠷᠠᠯ ᠢ᠋ ᠳᠡᠮᠵᠢᢈᠦ》ᢈᠦᠷᠢᠶᠡᠨ ᠳ᠋ᠦ ᠰᠤᠷᠭᠠᠭᠤᠯᠢ ᠶ᠋ᠢᠨ ᠡᠮᠦᠨᠡᢈᠢ ᠪᠣᠯᠤᠨ ᠶᠡᠷᠦᠩᢈᠡᠢ ᠪᠣᠯᠪᠠᠰᠤᠷᠠᠯ᠂ ᠬᠣᠭᠤᠯᠠ ᠦᠢᠯᠡᠳᠪᠦᠷᠢᠯᠡᠯ᠂ ᠴᠠᢈᠢᠮ ᠪᠣᠯᠪᠠᠰᠤᠷᠠᠯ᠂ ᠦᠶᠡ ᠲᠡᠩ ᠦ᠋ᠨ ᠳᠡᢉᠡᠷᠡᠯᢈᠡᠯᠲᠡ ᠡᠴᠡ ᠰᠡᠷᢉᠡᠶᠢᠯᠡᢈᠦ᠂ ᠲᠡᢉᠰᠢ ᠬᠠᠮᠤᠷᠤᠨ ᠰᠤᠷᠭᠠᠬᠤ ᠴᠢᢉᠯᠡᠯ ᠢ᠋ᠶᠡᠷ ᠮᠣᠩᠭᠣᠯ ᠤᠯᠤᠰ ᠲᠤ ᠣᠯᠠᠨ ᠲᠥᠰᠦᠯ ᢈᠥᠲᠦᠯᠪᠦᠷᠢ ᢈᠡᠷᠡᢉᠵᠢᢉᠦᠯᠵᠦ ᠢᠷᠡᢉᠰᠡᠨ᠃ ᠡᢉᠦᠨ ᠦ᠋ ᠨᠢᢉᠡ ᠪᠣᠯᠬᠤ ᠰᠤᠷᠤᠭᠴᠢᠳ ᠤ᠋ᠨ ᠰᠡᠳᢈᠢᠴᠡ ᠶ᠋ᠢᠨ ᠡᠷᠡᢉᠦᠯ ᠮᠡᠨᠳᠦ ᠶ᠋ᠢ ᠳᠡᠮᠵᠢᢈᠦ “Blindcare” ᠲᠥᠰᠦᠯ ᠳ᠋ᠦ ᠳᠡᠮᠵᠢᠯᢉᠡ ᠦᠵᠡᢉᠦᠯᠵᠦ᠂ ᠬᠠᠮᠲᠤᠷᠠᠨ ᠠᠵᠢᠯᠯᠠᠬᠤ ᠪᠣᠯᠤᠭᠰᠠᠨ ᠳ᠋ᠤ ᠪᠣᠯᠪᠠᠰᠤᠷᠠᠯ ᠤ᠋ᠨ ᠰᠠᠶᠢᠳ ᠫᠦ᠊᠂ ᠨᠠᠷᠠᠨᠪᠠᠶᠠᠷ ᠲᠠᠯᠠᠷᠬᠠᠯ ᠢᠯᠡᠷᢈᠡᠶᠢᠯᠡᠪᠡ᠃ ᠲᠡᠷᠡ ᠪᠡᠷ ᠪᠣᠯᠪᠠᠰᠤᠷᠠᠯ ᠤ᠋ᠨ ᠴᠢᠨᠠᠷ ᠤ᠋ᠨ ᠢᠯᠭᠠᠭᠠ ᠶ᠋ᠢ ᠠᠷᠢᠯᠭᠠᠬᠤ᠂ ᠮᠠᠯᠴᠢᠳ ᠤ᠋ᠨ ᢈᠡᠦᢈᠡᠳ ᢉᠡᠷ ᠪᠦᠯᠢ ᠶ᠋ᠢᠨ ᠣᠷᠴᠢᠨ ᠠ᠋ᠴᠠ ᠬᠣᠯᠠᠳᠠᠯ ᠦᢉᠡᠢ ᠪᠡᠷ ᠰᠠᠶᠢᠨ ᠪᠣᠯᠪᠠᠰᠤᠷᠠᠯ ᠡᠵᠡᠮᠰᠢᢈᠦ ᠪᠣᠯᠤᠮᠵᠢ ᠶ᠋ᠢ ᠪᠦᠷᠢᠳᠦᢉᠦᠯᢈᠦ ᠪᠠᠭ ᠤ᠋ᠨ ᠪᠠᠭᠠ ᠰᠤᠷᠭᠠᠭᠤᠯᠢ ᠶ᠋ᠢᠨ ᠲᠥᠯᠦᠪᠯᠡᠯᠲᠡ ᠶ᠋ᠢᠨ ᠲᠠᠯᠠ ᠪᠠᠷ ᠣᠨᠴᠠᠯᠠᠨ ᠶᠠᠷᠢᠯᠴᠠᠪᠠ᠃
ᠪᠠᠭ ᠤ᠋ᠨ ᠪᠠᠭᠠ ᠰᠤᠷᠭᠠᠭᠤᠯᠢ ᠶ᠋ᠢᠨ ᠮᠧᠨᠧᠵᠮᠧᠨ᠋ᠲ ᠨᠢ ᠠᠯᠤᠰᠯᠠᠭᠳᠠᠭᠰᠠᠨ ᠪᠦᠰᠡ ᠨᠤᠲᠤᠭ ᠤ᠋ᠨ ᢈᠡᠦᢈᠡᠳ ᠦ᠋ᠳ ᠲᠦ ᠪᠣᠯᠪᠠᠰᠤᠷᠠᠯ ᠢ᠋ ᠲᠡᢉᠰᠢ᠂ ᢈᠦᠷᠲᠡᢉᠡᠮᠵᠢ ᠲᠡᠢ ᠣᠯᠭᠤᠬᠤ ᠣᠨᠤᠪᠴᠢᠲᠠᠢ ᠰᠢᠢᠳᠦᠯ ᠪᠣᠯᠬᠤ ᠶ᠋ᠢ ᠠᠽᠢ᠂ ᠨᠣᠮᠤᠬᠠᠨ ᠳᠠᠯᠠᠢ ᠶ᠋ᠢᠨ ᠪᠦᠰᠡ ᠶ᠋ᠢᠨ ᠪᠣᠯᠪᠠᠰᠤᠷᠠᠯ ᠤ᠋ᠨ ᠵᠥᠪᠯᠡᢈᠦ ᠮᠢᠼᠦ᠋ᠭᠡ ᠤᠡᠮᠤᠷᠠᠭ ᠣᠨᠴᠠᠯᠠᠯ ᠠ᠃ ᢈᠡᠦᢈᠡᠳ ᠦ᠋ᠨ ᠡᠷᢈᠡ ᠶ᠋ᠢ ᠬᠠᠮᠠᠭᠠᠯᠠᠬᠤ ᠦᠨᠳᠦᠰᠦᠨ ᠵᠣᠷᠢᠯᠭᠠ ᠲᠠᠢ ᠪᠠᠶᠢᠭᠤᠯᠤᠯᠭᠠ ᠶ᠋ᠢᠨ ᠬᠤᠪᠢ ᠳ᠋ᠤ ᠰᠤᠷᠴᠤ ᠪᠣᠯᠪᠠᠰᠤᠷᠠᠬᠤ ᠡᠷᢈᠡ ᠶ᠋ᠢ ᠬᠠᠩᠭᠠᠬᠤ ᠶ᠋ᠢᠨ ᠲᠤᠯᠠᠳᠠ ᠴᠢᠨᠠᠭᠰᠢᠳᠠ ᠡᠨᠡ ᠲᠥᠷᠦᠯ ᠦ᠋ᠨ ᠰᠤᠷᠭᠠᠭᠤᠯᠢ ᠶ᠋ᠢ ᠣᠯᠠᠰᠢᠷᠠᠭᠤᠯᠬᠤ᠂ ᠲᠤᠷᠰᠢᠯᠭᠠ ᠶ᠋ᠢ ᠲᠦᢉᠡᢉᠡᠨ ᠳᠡᠯᢉᠡᠷᠡᢉᠦᠯᢈᠦ ᠳ᠋ᠦ ᠬᠠᠮᠲᠤᠷᠠᠵᠤ ᠠᠵᠢᠯᠯᠠᠬᠤ ᠪᠠᠨ ᠢᠯᠡᠷᢈᠡᠶᠢᠯᠡᠪᠡ᠃
